ᠭᠠᠭ᠋ᠠᠢ ᠶᠢᠨ ᠪᠦᠭᠰᠢᠬᠦ ᠭᠡᠮ ᠢ ᠰᠡᠷᠭᠡᠶᠢᠯᠡᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2016/9/8
     ᠭᠠᠭ᠋ᠠᠢ ᠶᠢᠨ ᠪᠦᠭᠰᠢᠬᠦ ᠭᠡᠮ ᠢ ᠪᠠᠰᠠ ᠣᠷᠤᠨ ᠨᠤᠲᠤᠭ ᠤᠨ ᠴᠢᠨᠠᠷᠲᠠᠢ ᠳᠡᠯᠭᠡᠷᠡᠬᠦ ᠭᠠᠭ᠋ᠠᠢ ᠶᠢᠨ ᠠᠭᠤᠰᠬᠢᠨ ᠦᠷᠪᠢᠰᠤᠯ ᠭᠡᠳᠡᠭ᠂ ᠡᠨᠡ ᠪᠣᠯ ᠭᠠᠭ᠋ᠠᠢ ᠶᠢᠨ ᠨᠢᠭᠡ ᠲᠦᠷᠤᠯ ᠤᠨ ᠠᠷᠬᠠᠭ ᠴᠢᠨᠠᠷ ᠲᠠᠢ ᠠᠮᠢᠰᠬᠤᠯ ᠤᠨ ᠵᠠᠮ ᠤᠨ ᠬᠠᠯᠳᠠᠪᠤᠷᠢᠲᠤ ᠬᠢᠵᠢᠭ ᠪᠣᠯᠤᠨ᠎ᠠ᠃ ᠭᠤᠣᠯ ᠰᠢᠨᠵᠢ ᠲᠡᠮᠲᠡᠭ ᠨᠢ ᠬᠠᠨᠢᠶᠠᠬᠤ᠂ ᠪᠦᠭᠰᠢᠬᠦ ᠪᠣᠯᠤᠨ᠎ᠠ᠂ ᠡᠮᠭᠡᠭ ᠤᠨ ᠬᠤᠪᠢᠷᠠᠯ ᠤᠨ ᠣᠨᠴᠠᠯᠢᠭ ᠨᠢ ᠨᠡᠶᠢᠯᠡᠮᠡᠯ ᠴᠢᠨᠠᠷ ᠲᠠᠢ ᠰᠠᠯᠪᠤᠷᠢ ᠮᠦᠭᠡᠷᠰᠤᠨ ᠬᠤᠭᠤᠯᠠᠢ᠂ ᠠᠭᠤᠰᠬᠢᠨ ᠦᠷᠪᠢᠰᠤᠯ ᠪᠣᠯᠵᠤ᠂ ᠠᠭᠤᠰᠬᠢᠨ ᠤ ᠦᠵᠤᠭᠦᠷ ᠨᠠᠪᠴᠢ᠂ ᠵᠢᠷᠤᠬᠡᠨ ᠨᠠᠪᠴᠢ᠂ ᠳᠤᠮᠳᠠ ᠨᠠᠪᠴᠢ ᠪᠠ ᠲᠠᠰᠤᠯᠤᠪᠴᠢ ᠶᠢᠨ ᠡᠮᠤᠨ᠎ᠠ ᠬᠦᠪᠡᠭᠡ ᠨᠢ ᠮᠢᠬᠠᠵᠢᠭᠰᠠᠨ ᠬᠤᠪᠢᠷᠠᠯᠲᠠ ᠲᠠᠢ᠃       ᠲᠤᠰ ᠬᠢᠵᠢᠭ ᠪᠣᠯ ᠭᠠᠭ᠋ᠠᠢ ᠶᠢᠨ ᠠᠭᠤᠰᠬᠢᠨ ᠦᠷᠪᠢᠰᠤᠯ ᠤᠨ ᠪᠠᠺᠠᠲ᠋ᠧᠷᠢ ᠠᠴᠠ ᠡᠭᠦᠰᠦᠨ᠎ᠡ᠃ ᠲᠤᠰ ᠮᠢᠺᠷᠤᠪ ᠨᠢ ᠡᠰ ᠤᠨ ᠬᠠᠨ᠎ᠠ ᠦᠭᠡᠢ ᠤᠴᠢᠷ ᠠᠴᠠ ᠪᠦᠮᠪᠤᠭᠡᠨᠴᠢᠷ᠂ ᠴᠠᠭᠠᠷᠢᠭ᠂ ᠵᠣᠣᠪᠠᠩ ᠬᠡᠯᠪᠡᠷᠢ ᠲᠠᠢ ᠪᠣᠶᠤ ᠪᠦᠭᠡᠷᠡᠩᠭᠡᠢ ᠬᠡᠯᠪᠡᠷᠢ ᠲᠠᠢ ᠪᠠᠶᠢᠳᠠᠭ᠃ ᠭᠠᠭ᠋ᠠᠢ ᠶᠢᠨ ᠠᠭᠤᠰᠬᠢᠨ ᠦᠷᠪᠢᠰᠤᠯ ᠤᠨ ᠮᠢᠺᠷᠣᠪ ᠨᠢ ᠡᠰ ᠦᠭᠡᠢ ᠬᠢᠮᠡᠯ ᠲᠡᠵᠢᠭᠡᠬᠦ ᠪᠣᠳᠠᠰ ᠲᠠᠢ ᠤᠷᠭᠤᠳᠠᠭ ᠪᠣᠯᠪᠠᠴᠤ ᠱᠠᠭᠠᠷᠳᠠᠭᠳᠠᠬᠤ ᠨᠦᠬᠦᠴᠡᠯ ᠢ ᠨᠢᠭᠡᠨᠲᠡ ᠮᠡᠳᠡᠭᠰᠡᠨ ᠪᠣᠰᠤᠳ ᠮᠢᠺᠷᠤᠪ  ᠲᠠᠢ ᠠᠳᠠᠯᠢᠳᠬᠠᠪᠠᠯ ᠮᠠᠰᠢ ᠦᠨᠳᠤᠷ ᠪᠠᠶᠢᠳᠠᠭ᠃ ᠰᠢᠩᠬᠡᠨ ᠲᠡᠵᠢᠭᠡᠯ ᠨᠢ ᠶᠡᠷᠤ ᠳᠡᠭᠡᠨ ᠰᠦᠨ ᠤᠭᠤᠷᠠᠭ ᠢ ᠤᠰᠤᠵᠢᠨ ᠵᠠᠳᠠᠷᠠᠭᠤᠯᠬᠤ ᠨᠡᠭᠡᠳᠡᠰᠤ ᠪᠣᠶᠢᠵᠢᠭᠤᠯᠬᠤ ᠨᠠᠮᠬᠠᠳᠬᠠᠬᠤ ᠰᠢᠩᠭᠡᠨ ᠪᠣᠯᠤᠨ᠎ᠠ᠃ ᠲᠤᠰ ᠪᠠᠺᠠᠲ᠋ᠧᠷᠢ ᠭᠠᠳᠠᠭᠠᠳᠤ ᠣᠷᠴᠢᠨ ᠳᠠᠬᠢ ᠲᠡᠰᠪᠤᠷᠢ ᠬᠦᠴᠤ ᠨᠢ ᠰᠤᠯᠠ᠂ ᠴᠢᠩ ᠮᠸᠢ ᠰᠤ᠋᠂ ᠬᠤᠸᠠᠩ ᠠᠨ ᠤ ᠲᠦᠷᠤᠯ ᠤᠨ ᠡᠮ  ᠳᠤ ᠳᠡᠮᠡᠢ ᠰᠡᠷᠡᠮᠡᠲᠡᠭᠡᠢ ᠪᠣᠰᠤ᠂ ᠭᠡᠪᠡᠴᠤ ᠵᠤᠸᠠᠩ ᠭᠤᠸᠠᠨ ᠮᠧᠢ ᠰᠤ᠋᠂ ᠲᠤ ᠮᠧᠢ ᠰᠤ᠋ ᠪᠣᠯᠤᠨ  ᠺᠠ ᠨᠠ ᠮᠧᠢ ᠰᠤ᠋ ᠵᠡᠷᠭᠡ ᠡᠮ ᠨᠢ ᠡᠮᠴᠢᠯᠡᠭᠡᠨ ᠤ ᠬᠡᠷᠡᠭᠯᠡᠯᠲᠡ ᠳᠡᠭᠡᠷ᠎ᠡ ᠮᠡᠳᠡᠭᠳᠡᠮ᠎ᠡ ᠦᠢᠯᠡᠳᠤᠯ ᠲᠠᠢ᠂ ᠦᠷᠬᠦᠯᠵᠢ ᠬᠡᠷᠡᠭᠯᠡᠳᠡᠭ ᠡᠩ ᠤᠨ ᠬᠢᠮᠢ ᠶᠢᠨ ᠠᠷᠢᠭᠤᠳᠬᠠᠬᠤ ᠡᠮ ᠪᠠ ᠠᠷᠢᠭᠤᠳᠬᠠᠬᠤ ᠠᠷᠭ᠎ᠠ ᠨᠢ ᠴᠦᠮ ᠠᠷᠢᠭᠤᠳᠬᠠᠬᠤ ᠵᠣᠷᠢᠯᠭ᠎ᠠ ᠲᠠᠭᠠᠨ ᠬᠦᠷᠴᠦ ᠳᠡᠶᠢᠯᠤᠨ᠎ᠡ᠃       ᠲᠤᠰ ᠬᠢᠵᠢᠭ ᠪᠣᠯ ᠵᠦᠪᠬᠡᠨ ᠭᠠᠭ᠋ᠠᠢ ᠳᠤ ᠬᠠᠯᠳᠠᠪᠤᠷᠢᠯᠠᠳᠠᠭ ᠶᠤᠮ᠂ ᠪᠣᠰᠤᠳ ᠠᠮᠢᠲᠠᠨ ᠪᠠ ᠭᠡᠷ ᠤᠨ ᠲᠡᠵᠢᠭᠡᠪᠤᠷᠢ ᠳᠤ ᠬᠠᠯᠳᠠᠪᠤᠷᠢᠯᠠᠭᠰᠠᠨ ᠢ ᠣᠯᠵᠤ ᠮᠡᠳᠡᠭᠡᠳᠤᠢ ᠪᠠᠶᠢᠭᠰᠠᠭᠠᠷ᠃ ᠡᠭᠦᠨ ᠳᠤ ᠭᠠᠭ᠋ᠠᠢ ᠶᠢᠨ ᠨᠠᠰᠤ᠂ ᠬᠦᠢᠰᠤ᠂ ᠡᠭᠦᠯᠳᠡᠷ ᠤᠨ ᠢᠯᠭᠠᠯ ᠦᠭᠡᠢ ᠴᠦᠮ ᠬᠠᠯᠳᠠᠪᠤᠷᠢᠯᠠᠳᠠᠭ᠃ ᠮᠡᠭᠡᠵᠢ ᠪᠠ ᠪᠦᠲᠤᠭᠦᠨ ᠭᠠᠭ᠋ᠠᠢ ᠨᠢ ᠣᠯᠠᠩᠬᠢ ᠳᠠᠭᠠᠨ ᠠᠷᠬᠠᠭ ᠭᠡᠮ ᠳᠤ ᠨᠡᠷᠪᠡᠭᠳᠡᠬᠦ ᠪᠣᠶᠤ ᠳᠠᠯᠳᠠ ᠦᠩᠭᠡᠷᠡᠭᠡᠯᠲᠡ ᠲᠠᠢ ᠶᠤᠮ᠃       ᠲᠤᠰ ᠬᠢᠵᠢᠭ ᠵᠢᠯ ᠤᠨ ᠳᠦᠷᠪᠡᠨ ᠤᠯᠠᠷᠢᠯ ᠳᠤ ᠴᠦᠮ ᠡᠭᠦᠰᠳᠡᠭ ᠪᠣᠯᠪᠠᠴᠤ ᠬᠠᠬᠢᠷ ᠬᠦᠢᠲᠡᠨ᠂ ᠪᠣᠷᠤᠭᠠᠨ ᠶᠡᠭᠡ᠂ ᠴᠢᠭᠢᠭ ᠨᠣᠶᠢᠲᠠᠨ ᠪᠣᠶᠤ ᠠᠭᠤᠷ ᠠᠮᠢᠰᠬᠤᠯ ᠶᠡᠬᠡᠪᠡᠷ ᠬᠤᠪᠢᠷᠠᠬᠤ ᠳᠤ ᠣᠯᠠᠨ ᠡᠭᠦᠰᠳᠡᠭ᠃ ᠡᠨᠡ ᠦᠶᠡᠰ ᠭᠠᠭ᠋ᠠᠢ ᠶᠢᠨ ᠠᠮᠢᠰᠬᠤᠯ ᠤᠨ ᠵᠠᠮ ᠤᠨ ᠭᠡᠮ ᠡᠰᠡᠷᠭᠦᠴᠡᠬᠦ ᠬᠦᠴᠦᠨ ᠨᠢ ᠮᠠᠭᠤᠲᠠᠵᠤ᠂ ᠭᠡᠮᠲᠡᠢ ᠭᠠᠭ᠋ᠠᠢ ᠶᠢᠨ ᠰᠢᠨᠵᠢ ᠲᠡᠮᠲᠡᠭ ᠨᠢ ᠬᠦᠨᠳᠤᠷᠡᠨ᠎ᠡ᠃       ᠲᠤᠰ ᠬᠢᠵᠢᠭ ᠤᠨ  ᠳᠠᠯᠳᠠ ᠬᠤᠭᠤᠴᠠᠭ᠎ᠠ ᠨᠢ ᠶᠡᠷᠤᠳᠡᠭᠡᠨ 11-16 ᠡᠳᠦᠷ᠂ ᠬᠡᠷᠪᠡ X ᠰᠠᠴᠤᠷᠠᠭ ᠢᠶᠠᠷ ᠪᠠᠶᠢᠴᠠᠭᠠᠪᠠᠯ ᠠᠭᠤᠰᠬᠢᠨ ᠤ ᠦᠷᠪᠢᠰᠤᠯ ᠤᠨ ᠭᠤᠯᠤᠮᠲᠠ ᠪᠠᠷ ᠪᠠᠷᠢᠮᠵᠢᠶ᠎ᠠ ᠪᠣᠯᠭᠠᠳᠠᠭ᠂ ᠬᠠᠮᠤᠭ ᠤᠨ ᠣᠬᠤᠷ ᠳᠠᠯᠳᠠ ᠬᠤᠭᠤᠴᠠᠭ᠎ᠠ ᠨᠢ 2-5 ᠡᠳᠦᠷ᠂ ᠬᠠᠮᠤᠭ ᠤᠨ ᠤᠷᠳᠤ ᠨᠢ ᠨᠢᠭᠡ ᠰᠠᠷ᠎ᠠ ᠠᠴᠠ ᠳᠡᠭᠡᠭᠰᠢ ᠪᠠᠶᠢᠳᠠᠭ᠃       ᠲᠤᠰ ᠬᠢᠵᠢᠭ ᠤᠨ ᠦᠩᠭᠡᠷᠡᠭᠡᠯᠲᠡ ᠶᠢ ᠨᠢ ᠦᠨᠳᠤᠰᠤᠯᠡᠵᠦ ᠴᠣᠴᠢᠮᠠᠭ᠂ ᠠᠷᠬᠠᠭ ᠪᠠ ᠳᠠᠯᠳᠠ ᠴᠢᠨᠠᠷ ᠲᠠᠢ ᠭᠡᠬᠦ ᠭᠤᠷᠪᠠᠨ ᠬᠡᠯᠪᠡᠷᠢ ᠲᠤ ᠬᠤᠪᠢᠶᠠᠨ᠎ᠠ᠃       ᠴᠣᠴᠢᠮᠠᠭ ᠬᠡᠯᠪᠡᠷᠢ       ᠭᠡᠮᠳᠡᠢ ᠭᠠᠭ᠋ᠠᠢ ᠨᠢ ᠬᠡᠵᠢᠶᠡᠳᠡ ᠳᠠᠯᠳᠠ ᠬᠤᠭᠤᠴᠠᠭᠠᠨ ᠤ ᠰᠢᠨᠵᠢ ᠲᠡᠮᠲᠡᠭ ᠦᠭᠡᠢ᠂ ᠭᠡᠨᠡᠳᠲᠡ ᠪᠠᠷ ᠴᠤᠭ ᠰᠦᠯᠲᠡ ᠨᠢ ᠮᠠᠭᠤᠳᠠᠵᠤ᠂ ᠲᠣᠯᠤᠭᠠᠢ ᠪᠠᠨ ᠳᠡᠭᠦᠵᠢᠯᠡᠨ ᠵᠣᠭᠰᠤᠬᠤ ᠪᠣᠶᠤ ᠡᠯᠢᠭᠡᠳᠡᠵᠦ ᠬᠡᠪᠲᠡᠨ᠎ᠡ᠃ ᠠᠮᠢᠰᠬᠤᠯ ᠳᠠᠪᠬᠤᠴᠠᠨ᠂ ᠠᠮᠢᠰᠬᠤᠬᠤ ᠳᠤ ᠬᠦᠴᠢᠷᠳᠡᠬᠦ ᠪᠠ ᠬᠡᠪᠡᠯᠢ ᠪᠠᠷ ᠢᠶᠠᠨ ᠠᠮᠢᠰᠬᠤᠵᠤ᠂ ᠡᠮᠤᠨ᠎ᠡ ᠮᠦᠴᠢ ᠪᠠᠨ ᠠᠯᠴᠠᠶᠢᠵᠦ ᠵᠣᠭᠰᠤᠬᠤ  ᠪᠣᠶᠤ ᠨᠣᠬᠠᠢ ᠰᠢᠭ᠋ ᠣᠴᠤᠶᠢᠵᠤ ᠰᠠᠭᠤᠳᠠᠭ᠃ ᠶᠡᠷᠤᠳᠡᠭᠡᠨ ᠬᠠᠨᠢᠶᠠᠬᠤ ᠲᠤᠭ᠎ᠠ ᠨᠢ ᠴᠦᠬᠡᠨ ᠪᠦᠭᠡᠳ ᠳᠣᠣᠷ᠎ᠠ ᠪᠠᠶᠢᠵᠤ᠂ ᠵᠠᠷᠢᠮ ᠳᠠᠭᠠᠨ ᠲᠠᠳᠠᠩᠬᠢᠨᠠᠬᠤ ᠴᠢᠨᠠᠷ ᠲᠠᠢ ᠬᠠᠨᠢᠶᠠᠨ᠎ᠠ᠃ ᠪᠡᠶ᠎ᠡ ᠶᠢᠨ ᠬᠠᠯᠠᠭᠤᠷᠠᠯ ᠨᠢ ᠬᠡᠪ ᠤᠨ ᠪᠠᠶᠢᠳᠠᠯ ᠲᠠᠢ᠂ ᠬᠡᠷᠪᠡ ᠬᠤᠶᠠᠳᠠᠭᠴᠢ ᠤᠳᠠᠭ᠎ᠠ ᠬᠠᠯᠳᠠᠪᠤᠷᠢᠯᠠᠪᠠᠯ ᠪᠡᠶ᠎ᠡ ᠶᠢᠨ ᠬᠠᠯᠠᠭᠤᠨ ᠨᠢ 40 ᠭᠷᠠᠳᠦ᠋ᠰ ᠠᠴᠠ  ᠳᠡᠭᠡᠭᠰᠢ ᠪᠣᠯᠵᠤ᠂ ᠦᠬᠦᠯ  ᠤᠨ ᠨᠤᠷᠮ᠎ᠠ ᠨᠢ ᠨᠡᠯᠢᠶᠡᠳ ᠦᠨᠳᠤᠷ ᠪᠣᠯᠳᠠᠭ᠃       ᠠᠷᠬᠠᠭ ᠬᠡᠯᠪᠡᠷᠢ       ᠭᠤᠣᠯ ᠰᠢᠨᠵᠢ ᠲᠡᠮᠳᠡᠭ ᠨᠢ ᠬᠠᠨᠢᠶᠠᠨ᠎ᠠ᠂ ᠬᠦᠴᠤᠲᠡᠢ ᠬᠠᠨᠢᠶᠠᠬᠤ ᠨᠢ ᠣᠯᠠᠨ ᠪᠣᠯᠵᠤ᠂ ᠬᠦᠨᠳᠦ ᠦᠶ᠎ᠡ ᠳᠤ ᠦᠷᠭᠦᠯᠵᠢᠯᠡᠨ ᠲᠠᠳᠠᠩᠬᠢᠨᠠᠬᠤ ᠴᠢᠨᠠᠷ ᠲᠠᠢ ᠬᠠᠨᠢᠶᠠᠨ᠎ᠠ᠃ ᠬᠢᠵᠢᠭ ᠤᠨ ᠶᠠᠪᠤᠴᠠ ᠬᠦᠭᠵᠢᠬᠦ ᠶᠢ ᠳᠠᠭᠠᠯᠳᠤᠨ᠂ ᠬᠡᠵᠢᠶᠡᠲᠡ ᠠᠳᠠᠯᠢ ᠪᠣᠰᠤ ᠬᠡᠮᠵᠢᠶ᠎ᠡ ᠪᠠᠷ ᠠᠮᠢᠰᠬᠤᠬᠤ ᠳᠤ ᠬᠦᠴᠢᠷᠳᠡᠨ᠎ᠡ᠃ ᠡᠬᠢᠨ ᠤ ᠬᠤᠭᠤᠴᠠᠭᠠᠨ ᠳᠤ ᠢᠳᠡᠬᠦ ᠳᠤᠷᠠᠰᠢᠯ ᠨᠢ ᠳᠡᠮᠡᠢ ᠬᠤᠪᠢᠷᠠᠯᠲᠠ ᠦᠭᠡᠢ᠂ ᠬᠢᠵᠢᠭ ᠤᠨ ᠪᠠᠶᠢᠳᠠᠯ ᠬᠦᠨᠳᠡᠷᠡᠬᠦ ᠶᠢ ᠳᠠᠭᠠᠯᠳᠤᠨ ᠢᠳᠡᠬᠦ ᠨᠢ ᠪᠠᠭᠠᠰᠬᠤ ᠪᠣᠶᠤ ᠢᠳᠡᠬᠦ ᠦᠭᠡᠢ ᠪᠣᠯᠤᠨ᠎ᠠ᠃ ᠭᠡᠮᠨᠡᠭᠡᠳ ᠨᠡᠯᠢᠶᠡᠳ ᠤᠳᠠᠭᠰᠠᠨ ᠲᠣᠷᠤᠢ ᠨᠢ ᠡᠴᠡᠵᠦ ᠲᠤᠷᠠᠵᠤ ᠳᠣᠷᠤᠶᠢᠲᠠᠨ ᠮᠠᠭᠤᠵᠢᠷᠠᠭᠠᠳ᠂ ᠦᠰᠤᠯᠲᠡ  ᠪᠣᠶᠢᠵᠢᠯᠲᠠ ᠳᠤᠨᠢ ᠰᠠᠭᠠᠳ ᠪᠣᠯᠳᠠᠭ᠃ ᠶᠡᠷᠤᠳᠡᠭᠡᠨ ᠪᠡᠶ᠎ᠡ ᠶᠢᠨ ᠬᠠᠯᠠᠭᠤᠨ ᠨᠢ ᠦᠨᠳᠤᠷ ᠪᠢᠰᠢ᠂ ᠠᠷᠬᠠᠭ ᠬᠡᠯᠪᠡᠷᠢ ᠶᠢᠨ ᠬᠢᠵᠢᠭ ᠤᠨ ᠶᠠᠪᠤᠴᠠ ᠨᠢ ᠨᠡᠩ ᠤᠷᠲᠤ᠂ ᠬᠤᠶᠠᠷ ᠭᠤᠷᠪᠠᠨ ᠰᠠᠷ᠎ᠠ ᠪᠣᠯᠬᠤ ᠪᠣᠶᠤ ᠴᠢᠨᠠᠭᠰᠢᠯᠠᠪᠠᠯ ᠬᠠᠭᠠᠰ ᠵᠢᠯ ᠠᠴᠠ ᠳᠡᠭᠡᠭᠰᠢ ᠪᠠᠶᠢᠳᠠᠭ᠃       ᠳᠠᠯᠳᠠ ᠴᠢᠨᠠᠷ       ᠴᠣᠴᠢᠮᠠᠭ ᠬᠡᠯᠪᠡᠷᠢ ᠪᠣᠶᠤ ᠠᠷᠬᠠᠭ ᠬᠡᠯᠪᠡᠷᠢ ᠠᠴᠠ ᠬᠤᠪᠢᠷᠠᠵᠤ ᠢᠷᠡᠵᠡᠢ᠃ ᠵᠠᠷᠢᠮ ᠭᠠᠭ᠋ᠠᠢ ᠨᠢ ᠨᠡᠯᠢᠶᠡᠳ ᠰᠠᠶᠢᠨ ᠠᠷᠠᠴᠢᠯᠠᠭ᠎ᠠ ᠬᠠᠮᠢᠶᠠᠷᠤᠯᠲᠠ ᠶᠢᠨ ᠨᠦᠬᠦᠴᠡᠯ ᠳᠣᠣᠷ᠎ᠠ᠂ ᠬᠠᠯᠳᠠᠪᠤᠷᠢᠯᠠᠭᠳᠠᠭᠰᠠᠨ ᠪᠣᠯᠪᠠᠴᠤ ᠮᠡᠳᠡᠭᠳᠡᠮ᠎ᠡ ᠰᠢᠨᠵᠢ ᠲᠡᠮᠲᠡᠭ ᠢᠯᠡᠷᠡᠬᠦ ᠦᠭᠡᠢ᠂ ᠭᠡᠪᠡᠴᠦX ᠰᠠᠴᠤᠷᠠᠭ ᠢᠶᠠᠷ ᠪᠠᠶᠢᠴᠠᠭᠠᠬᠤ ᠪᠣᠶᠤ ᠨᠢᠳᠤᠯᠵᠤ ᠲᠤᠶᠠᠴᠢᠭᠰᠠᠨ ᠤ ᠳᠠᠷᠠᠭ᠎ᠠ ᠦᠵᠡᠪᠡᠯ ᠠᠭᠤᠰᠬᠢᠨ ᠦᠷᠪᠢᠰᠤᠯ ᠤᠨ ᠡᠮᠭᠡᠭ ᠤᠨ ᠬᠤᠪᠢᠷᠠᠯ ᠲᠠᠢ ᠶᠤᠮ᠃       ᠰᠡᠷᠭᠡᠶᠢᠯᠡᠨ ᠵᠠᠰᠠᠬᠤ       ᠬᠢᠵᠢᠭ ᠦᠭᠡᠢ ᠣᠷᠤᠨ ᠪᠣᠶᠤ ᠭᠠᠭ᠋ᠠᠢ ᠶᠢᠨ ᠲᠠᠯᠠᠪᠠᠢ ᠶᠢᠨ ᠭᠤᠣᠯ ᠰᠡᠷᠭᠡᠶᠢᠯᠡᠬᠦ ᠠᠷᠭ᠎ᠠ ᠬᠡᠮᠵᠢᠶ᠎ᠡ᠄      1. ᠲᠤᠰ ᠬᠢᠵᠢᠭ ᠡᠭᠦᠰᠦᠭᠰᠡᠨ ᠣᠷᠤᠨ ᠪᠣᠶᠤ ᠭᠠᠭ᠋ᠠᠢ ᠶᠢᠨ ᠲᠠᠯᠠᠪᠠᠢ ᠨᠢ ᠦᠪᠡᠷᠲᠡᠭᠡᠨ ᠦᠷᠡᠵᠢᠭᠦᠯᠦᠨ ᠦᠪᠡᠷᠲᠡᠭᠡᠨ ᠲᠡᠵᠢᠭᠡᠬᠦ ᠠᠷᠭ᠎ᠠ ᠠᠪᠴᠤ᠂ ᠵᠠᠷᠴᠢᠮ ᠳᠡᠭᠡᠷ᠎ᠡ ᠪᠠᠨ ᠭᠠᠳᠠᠨ᠎ᠠ ᠣᠷᠤᠨ ᠠᠴᠠ ᠭᠠᠭ᠋ᠠᠢ ᠣᠷᠤᠭᠤᠯᠵᠤ ᠪᠣᠯᠬᠤ ᠦᠭᠡᠢ᠃      2.ᠬᠡᠷᠪᠡ ᠡᠷᠬᠡᠪᠰᠢ ᠭᠠᠳᠠᠨ᠎ᠠ ᠣᠷᠤᠨ ᠠᠴᠠ ᠡᠭᠦᠯᠳᠡᠷ ᠤᠨ ᠭᠠᠭ᠋ᠠᠢ ᠣᠷᠤᠭᠤᠯᠬᠤ ᠭᠡᠪᠡᠯ᠂ ᠭᠤᠷᠪᠠᠨ ᠰᠠᠷ᠎ᠠ ᠲᠤᠰᠠᠭᠠᠷᠯᠠᠨ ᠴᠢᠩᠭ᠎ᠠ ᠪᠠᠶᠢᠴᠠᠭᠠᠯᠲᠠ ᠬᠢᠵᠤ᠂ X ᠰᠠᠴᠤᠷᠠᠭ ᠤᠨ ᠪᠠᠶᠢᠴᠠᠭᠠᠯᠲᠠ ᠶᠢ 2-3 ᠤᠳᠠᠭ᠎ᠠ ᠬᠢᠵᠤ᠂ ᠤᠳᠠᠭ᠎ᠠ ᠪᠦᠷᠢ 2-3 ᠭᠠᠷᠠᠭ ᠠᠯᠤᠰᠯᠠᠨ ᠪᠠᠶᠢᠴᠠᠭᠠᠨ᠎ᠠ᠃      ᠨᠢᠭᠡᠨᠲᠡ ᠬᠢᠵᠢᠭ ᠡᠭᠦᠰᠤᠭ᠍ᠰᠡᠨ ᠣᠷᠤᠨ ᠪᠣᠶᠤ ᠭᠠᠭ᠋ᠠᠢ ᠶᠢᠨ ᠲᠠᠯᠠᠪᠠᠢ ᠶᠢᠨ ᠭᠤᠣᠯ ᠰᠡᠷᠭᠡᠶᠢᠯᠡᠬᠦ ᠠᠷᠭ᠎ᠠ ᠬᠡᠮᠵᠢᠶ᠎ᠡ ᠭᠡᠪᠡᠯ᠄ 1. ᠡᠳᠡᠭᠡᠷᠡᠭᠰᠡᠨ ᠮᠡᠭᠡᠵᠢ ᠪᠣᠶᠤ ᠬᠢᠵᠢᠭ ᠡᠭᠦᠰᠦᠭᠰᠡᠨ ᠦᠭᠡᠢ ᠭᠠᠭ᠋ᠠᠢ ᠶᠢ  ᠲᠤᠰᠠᠭᠠᠷᠯᠠᠨ ᠲᠡᠵᠢᠭᠡᠵᠦ᠂ ᠭᠡᠮ ᠲᠠᠢ ᠭᠠᠭ᠋ᠠᠢ ᠶᠢ ᠰᠤᠩᠭᠤᠨ ᠭᠤᠯᠤᠭᠳᠠᠯ ᠳᠤ ᠭᠠᠷᠭᠠᠵᠤ᠂ ᠭᠠᠭ᠋ᠠᠢ ᠶᠢᠨ ᠪᠦᠭᠰᠢᠬᠦ ᠭᠡᠮ ᠢ ᠲᠤᠶᠢᠯᠪᠤᠷᠢᠲᠠᠢ ᠤᠰᠠᠳᠬᠠᠨ᠎ᠠ᠃      2.ᠮᠡᠭᠡᠵᠢ ᠶᠢ 1-2 ᠡᠮᠴᠢᠯᠡᠭᠡᠨ ᠤ ᠬᠤᠭᠤᠴᠠᠭᠠᠨ ᠳᠤ ᠲᠤ ᠮᠧᠢ ᠰᠤ᠋ ᠪᠠᠷ ᠡᠮᠴᠢᠯᠡᠨ ᠵᠠᠰᠠᠵᠤ᠂ ᠰᠢᠨᠵᠢ ᠲᠡᠮᠲᠡᠭ ᠦᠭᠡᠢ ᠪᠣᠯ ᠭᠡᠭᠡᠯᠳᠤᠭᠦᠯᠭᠡ ᠬᠢᠨ᠎ᠡ᠂ ᠲᠣᠷᠤᠶᠢᠯᠠᠭᠰᠠᠨ ᠤ ᠳᠠᠷᠠᠭ᠎ᠠ ᠠᠵᠢᠭᠯᠠᠨ᠂ ᠲᠣᠷᠤᠢ ᠨᠢ ᠬᠦᠬᠦᠬᠦ ᠪᠠᠨ ᠵᠣᠭᠰᠤᠭᠰᠠᠨ ᠤ ᠬᠤᠶᠢᠨ᠎ᠠ ᠪᠠᠶᠢᠴᠠᠭᠠᠯᠲᠠ ᠬᠢᠵᠤ᠂  ᠰᠢᠨᠵᠢ ᠲᠡᠮᠲᠡᠭ ᠦᠭᠡᠢ ᠪᠣᠯ ᠬᠢᠵᠢᠭ ᠦᠭᠡᠢ ᠭᠡᠵᠦ ᠨᠤᠲᠠᠯᠠᠵᠤ ᠪᠣᠯᠤᠨ᠎ᠠ᠃ ᠡᠮᠴᠢᠯᠡᠭᠡᠨ ᠳᠤ ᠲᠤ ᠮᠧᠢ ᠰᠤ᠋ ᠵᠢᠶᠠᠨ᠂ ᠺᠠ ᠨᠠ ᠮᠧᠢ ᠰᠤ᠋ ᠵᠡᠷᠬᠡ ᠠᠨ᠋ᠲᠢᠪᠢᠣᠲ᠋ᠢᠺ ᠢ ᠬᠡᠷᠡᠭᠯᠡᠨ᠎ᠡ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号