ᠪᠣᠬᠢᠷᠳᠤᠯ ᠦᠭᠡᠢ ᠤᠷᠭᠠᠨᠢᠭ ᠪᠣᠷᠳᠣᠭᠤᠷ ᠢ ᠬᠢᠬᠦ ᠠᠷᠭ᠎ᠠ
ᠨᠡᠶᠢᠲᠡᠯᠡᠭᠰᠡᠨ ᠴᠠᠭ᠄
2017/1/5
   ᠪᠣᠬᠢᠷᠳᠤᠯ ᠦᠭᠡᠢ ᠤᠷᠭᠠᠨᠢᠭ ᠪᠣᠷᠳᠤᠭᠤᠷ ᠢ ᠭᠤᠣᠯᠳᠠᠭᠤ ᠲᠠᠬᠢᠶᠠᠨ ᠪᠠᠭᠠᠰᠤ ᠪᠠ ᠲᠠᠷᠢᠮᠠᠯ ᠤᠨ ᠡᠰᠢ ᠶᠢ ᠬᠤᠯᠢᠵᠤ ᠲᠠᠷᠤᠰᠢᠭᠤᠯᠬᠤ ᠠᠷᠭ᠎ᠠ ᠪᠠᠷ ᠬᠢᠨ᠎ᠡ᠃ ᠬᠢᠬᠦ ᠠᠷᠭ᠎ᠠ ᠨᠢ ᠳᠠᠷᠤᠢ᠄ ᠲᠠᠬᠢᠶ᠎ᠠ ᠶᠢᠨ ᠪᠠᠭᠠᠰᠤ ᠶᠢ ᠨᠤᠨᠳᠠᠭᠯᠠᠵᠤ ᠳᠠᠷᠤᠰᠢᠭᠤᠯᠤᠭᠰᠠᠨ ᠲᠠᠷᠢᠮᠠᠯ ᠤᠨ ᠡᠰᠢ ᠲᠠᠢ ᠬᠤᠯᠢᠵᠤ 45% ᠤᠨ ᠤᠰᠤᠨ ᠳᠤ ᠳᠡᠪᠲᠦᠭᠡᠵᠦ ᠪᠠᠰᠠ ᠰᠢᠰᠢ ᠶᠢᠨ ᠭᠤᠯᠢᠷ ᠢ ᠨᠡᠮᠡᠵᠦ ᠬᠢᠨ᠎ᠡ᠃    ᠠᠯᠢᠪᠠ ᠮᠠᠲ᠋ᠧᠷᠢᠶᠠᠯ ᠢᠶᠠᠨ ᠬᠤᠯᠢᠵᠤ ᠪᠡᠯᠡᠳᠭᠡᠭᠰᠡᠨ ᠤ ᠳᠠᠷᠠᠭ᠎ᠠ ᠪᠠᠰᠠ ᠮᠠᠰᠢᠨ ᠳᠤ ᠬᠢᠵᠦ ᠵᠢᠭᠤᠷᠠᠨ ᠲᠠᠯᠬᠠᠯᠠᠨ᠎ᠠ᠃ ᠳᠠᠷᠠᠭ᠎ᠠ ᠨᠢ ᠮᠠᠰᠢᠨ ᠳᠣᠲᠤᠷ᠎ᠠ ᠠᠴᠠ ᠭᠠᠷᠭᠠᠵᠤ 1.5-2 ᠮᠧᠲᠷ ᠦᠷᠭᠡᠨ᠂ 0.8-1 ᠮᠧᠲᠷ ᠤᠷᠲᠤ ᠣᠪᠤᠭᠠᠯᠠᠨ ᠲᠡᠭᠰᠢᠯᠡᠵᠦ ᠳᠡᠭᠡᠷ᠎ᠡ ᠠᠴᠠ ᠨᠢ ᠶᠠᠭᠤᠮ᠎ᠠ ᠪᠠᠷ ᠪᠦᠷᠬᠦᠵᠦ ᠳᠠᠷᠤᠰᠢᠭᠤᠯᠤᠨ ᠢᠰᠭᠡᠨ᠎ᠡ᠃ ᠨᠢᠭᠡᠳᠦᠭᠡᠷ ᠡᠳᠦᠷ ᠤᠨ ᠳᠤᠯᠠᠭᠠᠨ ᠤ ᠬᠡᠮᠵᠢᠶ᠎ᠡ ᠶᠢ ᠨᠢ 60-80 ᠭᠷᠠᠳᠦ᠋ᠰ ᠲᠤ ᠪᠠᠶᠢᠯᠭᠠᠵᠤ ᠰᠠᠪᠬᠠᠨᠴᠢᠷ ᠪᠠᠺᠲ᠋ᠧᠷᠢ ᠵᠡᠷᠭᠡ ᠶᠢ ᠤᠰᠠᠳᠬᠠᠨ᠎ᠠ᠃ ᠬᠤᠶᠠᠳᠤᠭᠠᠷ ᠡᠳᠦᠷ ᠤᠨ ᠳᠤᠯᠠᠭᠠᠨ ᠤ ᠬᠡᠮᠵᠢᠶ᠎ᠡ ᠶᠢ ᠪᠠᠰᠠ ᠬᠡᠪ ᠤᠨ ᠬᠢ ᠪᠠᠷ ᠪᠠᠲᠤᠯᠠᠭᠰᠠᠨ ᠤᠷᠢᠳᠠᠯ ᠳᠣᠣᠷ᠎ᠠ ᠲᠠᠬᠢᠶᠠᠨ ᠪᠠᠭᠠᠰᠤᠨ ᠤ ᠦᠮᠡᠬᠡᠢ ᠦᠨᠦᠷ ᠢ ᠠᠷᠢᠯᠭᠠᠨ᠎ᠠ᠃ ᠭᠤᠷᠪᠠᠳᠤᠭᠠᠷ ᠡᠳᠦᠷ  ᠨᠢ ᠴᠠᠭᠠᠨ ᠦᠩᠬᠡ ᠶᠢᠨ ᠪᠠᠺᠲ᠋ᠧᠷᠢ ᠶᠢᠨ ᠵᠤᠶᠢᠯ ᠪᠦᠷᠢᠯᠳᠦᠨ᠎ᠡ᠃ ᠳᠦᠷᠪᠡᠳᠦᠭᠡᠷ ᠡᠳᠦᠷ ᠨᠢ ᠨᠢᠭᠡ ᠵᠤᠶᠢᠯ ᠤᠨ ᠢᠰᠭᠦᠯᠡᠩ ᠠᠷᠢᠬᠢ ᠶᠢᠨ ᠦᠨᠦᠷ ᠭᠠᠷᠤᠨ᠎ᠠ᠃ ᠲᠠᠪᠤᠳᠤᠭᠠᠷ ᠡᠳᠦᠷ ᠨᠢ ᠪᠣᠷᠳᠤᠭᠤᠷ ᠪᠣᠯᠵᠤ ᠵᠢᠩᠬᠢᠨᠢ ᠪᠠᠷ ᠢᠰᠬᠦ ᠪᠣᠯᠤᠨ᠎ᠠ᠃ ᠡᠨᠡ ᠲᠦᠷᠤᠯ ᠤᠨ ᠪᠣᠷᠳᠤᠭᠤᠷ ᠨᠢ ᠶᠠᠮᠠᠷ ᠴᠤ ᠵᠤᠶᠢᠯ ᠤᠨ ᠲᠠᠷᠢᠮᠠᠯ ᠳᠤ ᠪᠦᠷ ᠬᠡᠷᠡᠭᠯᠡᠵᠦ ᠪᠣᠯᠤᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号