ᠡᠪᠡᠳᠬᠦ ᠶᠢ ᠨᠠᠮᠳᠠᠭᠤᠯᠬᠤ ᠡᠮ ᠰᠣᠨᠤᠷ ᠢ ᠮᠠᠭᠤᠲᠠᠭᠤᠯᠤᠨ᠎ᠠ
ᠨᠡᠶᠢᠲᠡᠯᠡᠭᠰᠡᠨ ᠴᠠᠭ᠄
2017/2/24
      ᠣᠶᠢᠷ᠎ᠠ ᠳᠤ ᠠᠮᠧᠷᠢᠺᠠ ᠶᠢᠨ ᠬᠠᠷᠸᠠᠷᠳ᠋ ᠶᠡᠭᠡ ᠰᠤᠷᠭᠠᠭᠤᠯᠢ ᠶᠢᠨ ᠠᠨᠠᠭᠠᠬᠤ ᠤᠬᠠᠭᠠᠨ ᠤ ᠳᠡᠭᠡᠳᠤ ᠰᠤᠷᠭᠠᠭᠤᠯᠢ ᠶᠢᠨ ᠬᠠᠷᠢᠶᠠᠲᠤ ᠡᠮᠡᠭᠲᠡᠶᠢᠴᠦᠳ ᠤᠨ ᠡᠮᠨᠡᠯᠭᠡ ᠶᠢᠨ ᠬᠤᠷᠢᠶᠠᠨ ᠤ ᠰᠣᠳᠤᠯᠭᠠᠲᠠᠳ ᠤᠨ ᠣᠯᠵᠤ ᠮᠡᠳᠡᠭᠰᠡᠨ ᠢᠶᠠᠷ᠂ ᠡᠪᠡᠳᠬᠦ ᠶᠢ ᠨᠠᠮᠳᠠᠭᠤᠯᠬᠤ ᠡᠮ ᠢ ᠤᠷᠲᠤ ᠬᠤᠭᠤᠴᠠᠭ᠎ᠠ ᠪᠠᠷ ᠤᠤᠭᠤᠪᠠᠯ ᠡᠮᠡᠭᠲᠡᠢ ᠶᠢᠨ ᠰᠣᠨᠤᠷ ᠢ ᠬᠤᠬᠢᠷᠠᠭᠤᠯᠵᠤ᠂ ᠳᠦᠯᠡᠶᠢᠷᠡᠬᠦ ᠨᠤᠷᠮ᠎ᠠ ᠶᠢ ᠨᠡᠮᠡᠭᠳᠡᠭᠦᠯᠳᠡᠭ᠃ ᠰᠣᠳᠤᠯᠭᠠᠲᠠᠳ 44-69 ᠨᠠᠰᠤᠨ ᠤ 5.5 ᠲᠦᠮᠡᠨ ᠡᠮᠡᠭᠲᠡᠢ ᠶᠢ ᠣᠷᠤᠯᠴᠠᠭᠤᠯᠤᠭᠰᠠᠨ ᠰᠣᠳᠤᠯᠭᠠᠨ ᠬᠢᠵᠡᠢ᠃ ᠰᠣᠳᠤᠯᠭᠠᠲᠠᠳ ᠲᠣᠷᠰᠢᠯᠲᠠ ᠳᠤ ᠣᠷᠤᠯᠴᠠᠭᠴᠢᠳ ᠤᠨ ᠡᠯ᠎ᠡ ᠵᠤᠶᠢᠯ ᠤᠨ ᠡᠪᠡᠳᠬᠦ ᠶᠢ ᠨᠠᠮᠳᠠᠭᠤᠯᠬᠤ ᠡᠮ ᠤᠤᠭᠤᠭᠰᠠᠨ ᠪᠠᠶᠢᠳᠠᠯ ᠳᠤ ᠪᠠᠶᠢᠴᠠᠭᠠᠯᠲᠠ ᠬᠢᠬᠦ ᠶᠢᠨ ᠬᠠᠮᠲᠤ ᠲᠡᠳᠡᠨ ᠤ ᠰᠣᠨᠤᠷ ᠢ ᠪᠠᠶᠢᠴᠠᠭᠠᠪᠠ᠃ ᠡᠭᠦᠨ ᠳᠤ ᠢᠯᠡᠷᠡᠭᠦᠯᠦᠭᠰᠡᠨ ᠢᠶᠠᠷ᠂ ᠭᠠᠷᠠᠭ ᠪᠦᠷᠢ ᠬᠤᠶᠠᠷ ᠤᠳᠠᠭ᠎ᠠ ᠡᠪᠡᠳᠬᠦ ᠶᠢ ᠨᠠᠮᠳᠠᠭᠤᠯᠬᠤ ᠡᠮ ᠤᠤᠭᠤᠳᠠᠭ ᠮᠦᠷᠲᠡᠭᠡᠨ ᠡᠮ ᠤᠤᠭᠤᠭᠰᠠᠨ ᠴᠠᠭ ᠨᠢ 6 ᠵᠢᠯ ᠠᠴᠠ ᠳᠡᠭᠡᠭᠰᠢ ᠡᠮᠡᠭᠲᠡᠢ ᠶᠢᠨ ᠰᠣᠨᠤᠷ ᠨᠢ ᠬᠤᠬᠢᠷᠠᠵᠤ᠂ ᠳᠦᠯᠡᠶᠢᠷᠡᠬᠦ ᠨᠤᠷᠮ᠎ᠠ ᠶᠢ 9% ᠪᠠᠷ ᠨᠡᠮᠡᠭᠳᠡᠭᠦᠯᠳᠡᠭ᠃ ᠰᠣᠳᠤᠯᠭᠠᠲᠠᠳ ᠤᠨ ᠰᠠᠨᠠᠭᠤᠯᠬᠤ ᠪᠠᠷ᠂ ᠡᠪᠡᠳᠬᠦ ᠶᠢ ᠨᠠᠮᠳᠠᠭᠤᠯᠬᠤ ᠡᠮ ᠢ ᠤᠷᠲᠤ ᠬᠤᠭᠤᠴᠠᠭ᠎ᠠ ᠪᠠᠷ ᠤᠤᠭᠤᠪᠠᠯ ᠳᠣᠲᠤᠷ ᠴᠢᠬᠢᠨ ᠤ ᠴᠢᠰᠤᠨ ᠤ ᠡᠷᠭᠢᠯᠲᠡ ᠶᠢ ᠳᠣᠷᠤᠭᠰᠢᠯᠠᠭᠤᠯᠳᠠᠭ ᠮᠦᠷᠲᠡᠭᠡᠨ ᠴᠢᠬᠢ ᠶᠢ ᠱᠣᠣᠭᠢᠶᠠᠨ ᠤ ᠳᠤᠮᠳᠠ ᠢᠯᠡ ᠪᠠᠶᠢᠯᠭᠠᠨ᠂ ᠰᠣᠨᠤᠷ ᠢ ᠮᠠᠭᠤᠳᠠᠭᠤᠯᠳᠠᠭ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号