ᠰᠢᠨ᠎ᠡ ᠪᠦᠲᠤᠭᠡᠭᠳᠡᠭᠦᠨ᠂ ᠰᠢᠨ᠎ᠡ ᠮᠡᠷᠭᠡᠵᠢᠯ
ᠨᠡᠶᠢᠲᠡᠯᠡᠭᠰᠡᠨ ᠴᠠᠭ᠄
2017/4/18
          3WPZ-1300 ᠦᠪᠡᠷᠲᠡᠭᠡᠨ ᠶᠠᠪᠤᠬᠤ ᠬᠡᠯᠪᠡᠷᠢ ᠶᠢᠨ ᠡᠰᠢᠨ ᠳᠡᠭᠡᠷ᠎ᠡ ᠰᠦᠷᠴᠢᠬᠦ ᠮᠠᠰᠢᠨ         3WPZ-1300ᠦᠪᠡᠷᠲᠡᠭᠡᠨ ᠶᠠᠪᠤᠬᠤ ᠬᠡᠯᠪᠡᠷᠢ ᠶᠢᠨ ᠡᠰᠢᠨ ᠳᠡᠭᠡᠷ᠎ᠡ ᠰᠦᠷᠴᠢᠬᠦ ᠮᠠᠰᠢᠨ ᠢ ᠪᠡᠭᠡᠵᠢᠩ ᠤᠨ ᠵᠦᠩ ᠨᠦᠩ ᠹᠧᠩ ᠮᠣᠥ ᠲᠠᠷᠢᠮᠠᠯ ᠤᠨ ᠮᠠᠰᠢᠨ ᠮᠧᠬᠠᠨᠢᠭ ᠤᠨ ᠬᠢᠵᠠᠭᠠᠷᠲᠤ ᠺᠣᠮᠫᠠᠨᠢ ᠠᠴᠠ ᠰᠢᠨ᠎ᠡ ᠪᠠᠷ ᠤᠶᠢᠯᠡᠳᠦᠨ ᠭᠠᠷᠭᠠᠵᠤ ᠪᠣᠷᠤᠯᠠᠭᠤᠯᠵᠤ ᠪᠠᠶᠢᠳᠠᠭ᠃ ᠲᠤᠰ ᠰᠦᠷᠴᠢᠭᠦᠷ ᠮᠠᠰᠢᠨ ᠨᠢ ᠲᠠᠷᠢᠶᠠᠨ ᠱᠠᠩ ᠳᠡᠭᠡᠷ᠎ᠡ ᠦᠪᠡᠷᠲᠡᠭᠡᠨ ᠰᠦᠷᠴᠢᠨ ᠶᠠᠪᠤᠬᠤ ᠳᠠᠭᠠᠨ ᠡᠮᠦᠨ᠎ᠡ ᠬᠦᠷᠲᠤ ᠪᠠᠷ ᠢᠶᠠᠨ ᠴᠢᠭᠯᠡᠯ ᠢᠶᠠᠨ ᠴᠦ ᠰᠣᠯᠢᠵᠤ ᠳᠡᠶᠢᠯᠦᠨ᠎ᠡ᠃ ᠰᠦᠷᠴᠢᠬᠦ ᠡᠮ ᠤᠨ ᠬᠡᠮᠵᠢᠶ᠎ᠡ ᠨᠢ 1300 ᠯᠢᠲᠷ᠂ ᠰᠦᠷᠴᠢᠬᠦ ᠬᠡᠪᠴᠢᠶ᠎ᠡ ᠨᠢ ᠪᠠᠷᠤᠭ16 ᠮᠧᠲᠷ ᠪᠠᠶᠢᠵᠤ᠂ ᠣᠳᠣ ᠴᠠᠭ ᠤᠨ ᠬᠠᠮᠤᠭ ᠰᠢᠨ᠎ᠡ ᠰᠦᠷᠴᠢᠭᠦᠷ ᠮᠠᠰᠢᠨ ᠪᠣᠯᠤᠨ᠎ᠠ᠃ ᠲᠡᠭᠦᠨ ᠤ ᠪᠠᠰᠠ ᠨᠢᠭᠡ ᠣᠨᠴᠠᠯᠢᠭ ᠨᠢ ᠭᠡᠪᠡᠯ ᠴᠠᠭ ᠬᠦᠳᠡᠯᠮᠦᠷᠢ ᠬᠦᠴᠤ ᠶᠢ ᠠᠷᠪᠢᠯᠠᠬᠤ ᠪᠦᠭᠡᠳ ᠡᠮ ᠢ ᠰᠦᠢᠳᠭᠡᠬᠦ ᠦᠭᠡᠢ ᠪᠠᠶᠢᠳᠠᠭ᠃ ᠪᠣᠷᠤᠯᠠᠭᠤᠯᠵᠤ ᠪᠠᠶᠢᠬᠤ ᠺᠣᠮᠫᠠᠨᠢ ᠶᠢᠨ ᠬᠠᠷᠢᠯᠴᠠᠬᠤ ᠤᠲᠠᠰᠤ᠄ 010-63669885᠃             ᠬᠤᠨᠢᠨ ᠤ ᠬᠡᠭᠡᠯᠳᠦᠭᠦᠯᠭᠡ ᠶᠢ ᠪᠠᠶᠢᠴᠠᠭᠠᠬᠤ ᠠᠦ᠋ᠲ᠋ᠣ᠋ ᠲᠡᠮᠲᠡᠭᠯᠡᠭᠦᠷ      ᠬᠤᠨᠢᠨ ᠤ ᠬᠡᠭᠡᠯᠳᠦᠭᠦᠯᠭᠡ ᠶᠢ ᠪᠠᠶᠢᠴᠠᠭᠠᠬᠤ ᠠᠦ᠋ᠲ᠋ᠤ᠋ ᠲᠡᠮᠲᠡᠭᠯᠡᠭᠦᠷ ᠢ ᠪᠡᠭᠡᠵᠢᠩ ᠤᠨ ᡁᠢ ᠶᠤᠸᠠᠨ ᠱᠧᠩ ᠺᠧ ᠰᠢᠨᠵᠢᠯᠡᠬᠦ ᠤᠬᠠᠭᠠᠨ ᠮᠡᠷᠭᠡᠵᠢᠯ ᠤᠨ ᠬᠢᠵᠠᠭᠠᠷᠲᠤ ᠺᠣᠮᠫᠠᠨᠢ ᠠᠴᠠ ᠰᠣᠳᠤᠯᠤᠨ ᠭᠠᠷᠭᠠᠭᠰᠠᠨ ᠪᠠᠶᠢᠨ᠎ᠠ᠃ ᠲᠤᠰ ᠺᠣᠮᠫᠠᠨᠢ  ᠨᠢ ᠣᠯᠠᠨ ᠵᠢᠯ ᠤᠨ ᠲᠣᠷᠰᠢ ᠮᠠᠯ ᠠᠵᠤ ᠠᠬᠤᠢ ᠶᠢᠨ ᠮᠡᠳᠡᠭᠡ ᠵᠠᠩᠬᠢᠴᠢᠯᠠᠯᠲᠠ ᠶᠢᠨ ᠪᠦᠲᠤᠭᠡᠭᠳᠡᠭᠦᠨ ᠢ ᠰᠣᠳᠤᠯᠬᠤ ᠪᠠ ᠤᠶᠢᠯᠡᠳᠪᠦᠷᠢᠯᠡᠵᠦ᠂ ᠰᠣᠳᠤᠯᠭᠠᠨ ᠤ ᠪᠦᠲᠤᠭᠡᠯ ᠨᠢ ᠭᠤᠣᠯᠳᠠᠭᠤ ᠮᠠᠯᠵᠢᠯ ᠤᠨ ᠲᠠᠯᠠᠪᠠᠢ ᠪᠠ ᠬᠡᠪᠴᠢᠶᠡᠵᠢᠭᠰᠡᠨ ᠲᠡᠵᠢᠭᠡᠪᠦᠷᠢ ᠶᠢᠨ ᠡᠷᠤᠬᠡ ᠶᠢᠨ ᠬᠤᠨᠢ ᠲᠡᠵᠢᠭᠡᠯᠭᠡ ᠪᠠ ᠬᠡᠭᠡᠯᠳᠦᠭᠦᠯᠭᠡ ᠶᠢᠨ ᠡᠯ᠎ᠡ ᠶᠠᠪᠤᠴᠠ ᠳᠤ ᠴᠦᠮ ᠬᠡᠷᠡᠭᠯᠡᠬᠦ ᠪᠣᠯᠤᠨ᠎ᠠ᠃ ᠲᠡᠷᠡ ᠨᠢ ᠦᠵᠡᠭᠳᠡᠬᠦ ᠭᠡᠷᠡᠯ ᠢᠶᠠᠷ ᠳᠦᠷᠰᠤ ᠪᠦᠲᠦᠭᠡᠬᠦ ᠶᠣᠰᠤ ᠶᠢ ᠠᠰᠢᠭᠯᠠᠨ ᠰᠡᠭᠦᠳᠡᠷᠯᠡᠬᠦ ᠪᠣᠶᠣ ᠳᠦᠷᠰᠤ ᠰᠢᠩᠭᠡᠭᠡᠯᠲᠡ ᠬᠢᠵᠤ᠂ ᠪᠠᠰᠠ ᠮᠠᠰᠢᠨ ᠢᠶᠠᠷ ᠠᠦ᠋ᠲ᠋ᠤᠴᠢᠯᠠᠭᠰᠠᠨ ᠬᠡᠮᠵᠢᠯᠲᠡ ᠬᠢᠵᠦ᠂ ᠬᠤᠨᠢᠨ ᠤ ᠬᠡᠭᠡᠯᠳᠦᠭᠦᠯᠬᠦ ᠨᠤᠷᠮ᠎ᠠ ᠵᠢᠴᠢ ᠬᠡᠭᠡᠯᠳᠦᠭᠰᠡᠨ ᠬᠤᠭᠤᠴᠠᠭᠠᠨ ᠤ ᠡᠯ᠎ᠡ ᠪᠣᠶᠢᠵᠢᠯᠲᠠ ᠶᠢᠨ ᠶᠠᠪᠤᠴᠠ ᠶᠢ ᠴᠦᠮ ᠪᠠᠶᠢᠴᠠᠭᠠᠨ ᠭᠠᠷᠭᠠᠵᠤ ᠪᠠᠰᠠ ᠭᠡᠷᠡᠯ ᠵᠢᠷᠤᠭ ᠤᠨ ᠬᠡᠯᠪᠡᠷᠢ ᠪᠠᠷ ᠲᠡᠮᠲᠡᠭᠯᠡᠵᠦ ᠬᠠᠳᠠᠭᠠᠯᠠᠵᠤ ᠳᠡᠶᠢᠯᠦᠨ᠎ᠡ᠃      ᠲᠤᠰ ᠪᠠᠶᠢᠴᠠᠭᠠᠬᠤ ᠮᠠᠰᠢᠨ ᠤ ᠳᠠᠪᠠᠭᠤᠯᠢᠭ ᠣᠨᠴᠠᠯᠢᠭ ᠨᠢ ᠭᠡᠪᠡᠯ᠂ ᠮᠠᠰᠢᠨ ᠢᠶᠠᠨ ᠬᠤᠨᠢᠨ ᠤ ᠪᠡᠶ᠎ᠡ ᠳᠡᠭᠡᠷ᠎ᠡ ᠵᠡᠭᠦᠯᠭᠡᠬᠦ ᠴᠢᠬᠤᠯᠠ ᠦᠭᠡᠢ᠂ ᠬᠤᠨᠢ ᠶᠢ ᠴᠢᠯᠦᠭᠡᠲᠡᠢ ᠪᠠᠶᠢᠯᠭᠠᠵᠤ᠂ ᠮᠠᠰᠢᠨ ᠢᠶᠠᠨ ᠬᠤᠨᠢᠨ ᠤ ᠪᠡᠶ᠎ᠡ ᠲᠠᠢ ᠣᠶᠢᠷᠠᠲᠤᠭᠤᠯᠬᠤ ᠲᠠᠢ ᠵᠡᠷᠭᠡ ᠲᠡᠷᠡ ᠨᠢ ᠠᠦ᠋ᠲ᠋ᠣ᠋ ᠪᠠᠷ ᠬᠡᠮᠵᠢᠨ ᠠᠪᠬᠤ ᠶᠢᠨ ᠳᠠᠭᠠᠤ ᠰᠡᠭᠦᠳᠡᠷᠯᠡᠳᠡᠭ᠂ ᠡᠭᠦᠨ ᠠᠴᠠ ᠰᠡᠭᠦᠳᠡᠷ ᠢ ᠠᠰᠢᠭᠯᠠᠨ ᠬᠤᠨᠢᠨ ᠤ ᠪᠡᠶ᠎ᠡ ᠶᠢᠨ ᠬᠦᠨᠳᠦ᠂ ᠬᠡᠭᠡᠯᠳᠦᠭᠰᠡᠨ ᠬᠡᠮᠵᠢᠶ᠎ᠡ᠂ ᠬᠡᠭᠡᠯ ᠤᠨ ᠪᠣᠶᠢᠵᠢᠬᠤ ᠶᠠᠪᠤᠴᠠ ᠵᠡᠷᠭᠡ ᠶᠢ ᠴᠦᠮ ᠬᠡᠮᠵᠢᠨ ᠭᠠᠷᠭᠠᠵᠤ ᠳᠡᠶᠢᠯᠦᠨ᠎ᠡ᠃ ᠡᠨᠡ ᠨᠢ ᠬᠤᠨᠢ ᠲᠡᠵᠢᠭᠡᠬᠦ ᠲᠣᠮᠣ ᠡᠷᠤᠬᠡ ᠳᠤ  ᠠᠪᠴᠤ ᠬᠡᠯᠡᠪᠡᠯ ᠬᠤᠨᠢ ᠬᠡᠭᠡᠯᠳᠦᠭᠦᠯᠬᠦ ᠳᠤ ᠰᠢᠨ᠎ᠡ ᠨᠦᠭᠦᠴᠡᠯ ᠬᠠᠩᠭᠠᠭᠰᠠᠨ ᠪᠦᠭᠡᠳ ᠪᠠᠰᠠ ᠰᠤᠶᠢᠳᠦᠯ ᠢ ᠪᠠᠭᠠᠰᠬᠠᠵᠤ ᠦᠭᠳᠡᠭ ᠪᠠᠶᠢᠨ᠎ᠠ᠃ ᠲᠤᠰ ᠮᠠᠰᠢᠨ ᠢ ᠪᠣᠷᠤᠯᠠᠭᠤᠯᠵᠤ ᠪᠠᠶᠢᠬᠤ ᠺᠣᠮᠫᠠᠨᠢ ᠶᠢᠨ ᠬᠠᠷᠢᠯᠴᠠᠬᠤ ᠤᠲᠠᠰᠤ᠄ 010-86467963
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号