ᠭᠠᠷ ᠤᠳᠠᠰᠤ ᠪᠠᠷ ᠢᠶᠠᠨ ᠳᠤᠳᠠᠭᠤᠬᠠᠨ ᠳᠤᠭᠯᠠᠵᠤ  ᠠᠪᠤ ᠡᠵᠢ ᠲᠠᠢ ᠪᠠᠨ ᠢᠯᠡᠬᠦᠬᠡᠨ ᠵᠤᠭᠤᠭᠳᠠᠭᠠᠷᠠᠢ︕
ᠨᠡᠶᠢᠲᠡᠯᠡᠭᠰᠡᠨ ᠴᠠᠭ᠄
2017/7/11
     ᠡᠮᠦᠨᠡᠬᠡᠨ ᠨᠢᠬᠡᠨ ᠬᠤᠭᠤᠯᠠᠨ ᠭᠡᠷ ᠲᠤ ᠤᠷᠤᠬᠤ ᠳᠤ ᠬᠠᠨ᠎ᠠ ᠲᠡᠬᠡᠷ᠎ᠠ ᠨᠢ ︽ᠮᠠᠨ ᠤ ᠠᠳᠡ WiFi ᠦᠬᠡᠢ᠂ᠬᠠᠵᠠᠭᠤᠳᠠᠬᠢ ᠬᠦᠮᠦᠰ ᠲᠠᠢ ᠪᠠᠨ ᠢᠯᠡᠬᠦᠬᠡᠨ ᠵᠤᠭᠤᠭᠳᠠᠭᠠᠷᠠᠢ︕︾ ᠬᠡᠰᠡᠨ ᠳᠤᠮᠤᠬᠠᠨ ᠪᠢᠴᠢᠬᠡᠰᠦ ᠶᠢ ᠬᠠᠷᠠᠭᠠᠳ‌‍ᠲ᠋ᠤᠳᠤᠷ᠎ᠠ ᠨᠢᠬᠡ ᠶᠠᠭᠤᠮ᠎ᠠ ᠪᠤᠳᠤᠭᠳᠠᠯ᠎ᠠ᠃ ᠤᠳᠤᠬᠠᠨ ᠳᠤ ᠭᠡᠷ ᠤᠨ ᠬᠦᠮᠦᠰ᠂ ᠬᠠᠮᠳᠤ ᠰᠤᠷᠤᠭᠴᠢ᠂ ᠬᠠᠮᠳᠤ ᠠᠵᠢᠯᠯᠠᠭᠰᠠᠳ᠂ ᠨᠠᠶᠢᠵᠠ ᠨᠦᠬᠦᠳ ᠬᠤᠭᠤᠷᠤᠨᠳᠤ ᠪᠠᠨ ᠴᠤᠭᠯᠠᠷᠠᠵᠦ ᠵᠤᠭᠤᠭᠳᠠᠬᠤ ᠪᠤᠶᠤ ᠬᠤᠭᠤᠯᠠ ᠢᠳᠡᠬᠦ ᠵᠠᠭᠤᠷ᠎ᠠ ᠪᠠᠨ ᠪᠦᠷ ᠬᠤᠪᠢ ᠬᠤᠪᠢᠨ ᠤ ᠭᠠᠷ ᠤᠳᠠᠰᠤ ᠪᠠᠷ ᠢᠶᠠᠨ ᠳᠤᠭᠯᠠᠵᠤ ᠯᠡ ᠪᠠᠶᠢᠳᠠᠭ︔ ᠬᠡᠷ ᠲᠡᠭᠡᠨ ᠬᠡᠰᠡᠨ‌‍ᠴᠤ ᠠᠳᠠᠯᠢᠬᠠᠨ᠂ ᠠᠮᠠᠷᠠᠭ ᠬᠤᠭᠤᠷᠤᠨᠳᠤ ᠪᠠᠨ ᠰᠡᠳᠬᠢᠯ ᠤᠨ ᠦᠬᠡ ᠪᠠᠨ ᠰᠤᠯᠢᠯᠴᠠᠬᠤ ᠦᠬᠡᠢ ᠪᠠᠷ ᠬᠠᠷᠢᠨ ᠬᠤᠪᠢ ᠬᠤᠪᠢᠨ ᠤ ᠪᠠᠨ ᠭᠠᠷ ᠤᠳᠠᠰᠤ ᠪᠠᠷ ᠬᠠᠷᠢ ᠬᠤᠯᠠ ᠶᠢᠨ ᠵᠢᠷᠬᠢᠬᠡ ᠶᠢᠨ ᠠᠨᠳᠠ ᠲᠠᠢ ᠪᠠᠨ ᠵᠤᠭᠤᠭᠳᠠᠭᠠᠳ ᠯᠡ ᠪᠠᠶᠢᠳᠠᠭ ᠨᠢ ᠲᠦᠬᠡᠮᠡᠯ ᠦᠵᠡᠭᠳᠡᠯ᠃ ᠮᠢᠨᠦ ᠦᠵᠡᠬᠦ ᠪᠠᠷ᠂ ᠭᠠᠷ ᠤᠳᠠᠰᠤ ᠨᠢ ᠵᠦᠪᠬᠡᠨ ᠬᠠᠷᠢᠯᠴᠠᠭᠠᠨ ᠤ ᠪᠠᠭᠠᠵᠢ ᠳᠡᠳᠦᠢ᠂ ᠬᠠᠷᠢᠨ ᠬᠡᠳᠦ ᠲᠠᠪᠠᠭᠤᠯᠤᠨ ᠰᠡᠳᠬᠢᠯ ᠤᠨ ᠪᠤᠬᠢᠨᠢᠳᠤᠯ ᠢᠶᠠᠨ ᠲᠠᠶᠢᠯᠵᠤ ᠰᠡᠳᠬᠢᠯ ᠤᠨ ᠪᠠᠭ᠋ᠠᠳᠤᠯ ᠢᠶᠠᠨ ᠲᠡᠯᠬᠡᠬᠦ ᠲᠠᠪᠴᠠᠩ ᠪᠤᠯᠭᠠᠬᠤ ᠨᠢ ᠵᠤᠬᠢᠰ ᠦᠬᠡᠢ︔ ᠰᠡᠳᠬᠢᠯ ᠤᠨ ᠦᠬᠡ ᠪᠠᠨ ᠲᠡᠯᠬᠡᠬᠦ ᠬᠡᠪᠡᠯ ᠬᠠᠰᠢᠯᠠ ᠬᠡᠷ ᠤᠨ ᠬᠦᠮᠦᠰ ᠪᠤᠶᠤ ᠨᠠᠶᠢᠵᠠ ᠨᠦᠬᠦᠳ ᠲᠠᠢ ᠪᠠᠨ ᠨᠢᠭᠤᠷᠳᠠᠨ ᠵᠤᠯᠭᠠᠵᠤ ᠰᠠᠨᠠᠭ᠎ᠠ ᠪᠠᠨ ᠠᠭᠤᠵᠢᠷᠠᠳᠠᠯ᠎ᠠ ᠵᠤᠭᠤᠭᠳᠠᠪᠠᠯ ᠲᠡᠬᠡᠷ᠎ᠠ ᠬᠡᠵᠦ ᠪᠤᠳᠤᠳᠠᠭ᠃     ᠠᠮᠠᠷᠠᠯᠳᠠ ᠪᠤᠯᠬᠤ ᠪᠠᠷ ᠬᠦᠮᠦᠰ ᠠᠷᠭ᠎ᠠ ᠪᠦᠬᠦᠨ ᠢ ᠰᠦᠪᠡᠭᠴᠢᠯᠡᠨ ᠠᠯᠤᠰ ᠬᠤᠯᠠ ᠬᠠᠷᠢ ᠭᠠᠵᠠᠷ ᠠᠴᠠ ᠨᠤᠳᠤᠭ ᠤᠷᠤᠭᠤ ᠪᠠᠨ ᠲᠡᠮᠠᠤᠯᠳᠡᠭ ᠨᠢ ᠦᠷ᠎ᠠ ᠬᠡᠦᠬᠡᠳ ᠪᠤᠯᠤᠭᠰᠠᠳ ᠤᠨ ᠠᠶᠠᠨᠳᠠᠭᠠᠨ ᠤ ᠬᠡᠷᠡᠭ᠃ ᠠᠮᠠᠷᠠᠯᠳᠠ ᠶᠢᠨ ᠬᠤᠭᠤᠴᠠᠭᠠᠨ ᠳᠤ ᠦᠨᠡᠨ ᠳᠡᠭᠡᠨ ᠠᠪᠤ ᠡᠵᠢ ᠰᠠᠳᠤᠨ ᠲᠦᠷᠦᠯ ᠲᠠᠢ ᠪᠠᠨ ᠵᠤᠯᠭᠠᠵᠦ ᠰᠡᠳᠬᠢᠯ ᠰᠡᠳᠬᠢᠯ ᠢᠶᠠᠨ ᠮᠡᠳᠡᠯᠴᠡᠬᠦ ᠨᠢ ᠬᠠᠮᠤᠭ ᠴᠢᠬᠤᠯᠠ ᠶᠠᠪᠤᠳᠠᠯ ᠪᠠᠶᠢᠬ᠎ᠠ᠃ ᠲᠡᠬᠡᠪᠡᠯ ᠲᠠ ᠠᠮᠠᠷᠠᠯᠳᠠ ᠶᠢᠨ ᠬᠤᠭᠤᠴᠠᠭᠠᠨ ᠳᠤ ᠠᠪᠤ ᠡᠵᠢ ᠳᠡᠭᠡᠨ ᠬᠢᠷᠢ ᠵᠡᠷᠬᠡ ᠪᠠᠷ᠎ᠠ ᠪᠤᠯᠵᠤ ᠪᠠᠶᠢᠭ᠎ᠠ ᠪᠤᠯ︖ ᠰᠦᠯᠵᠢᠶᠡᠨ ᠤ ᠪᠠᠶᠢᠴᠠᠭᠠᠯᠳᠠ ᠶᠢᠨ ᠳᠤᠭ᠎ᠠ ᠪᠦᠷᠢᠳᠬᠡᠯ ᠢ ᠦᠡᠳᠦᠰᠦᠯᠡᠪᠡᠯ᠂ ᠤᠳᠤᠬᠠᠨ ᠳᠤ ᠳᠤᠯᠤᠭᠠᠨ ᠬᠤᠪᠢ ᠶᠢᠨ ᠬᠦᠮᠦᠰ ᠤᠨ ᠠᠮᠠᠷᠠᠯᠳᠠ ᠶᠢᠨ ᠬᠤᠭᠤᠴᠠᠭᠠᠨ ᠳᠤ ᠭᠠᠷ ᠤᠳᠠᠰᠤ ᠪᠠᠷ ᠢᠶᠠᠨ ᠳᠤᠭᠯᠠᠬᠤ ᠴᠠᠭ ᠨᠢ ᠶᠠᠷᠤ ᠶᠢᠨ ᠦᠶ᠎ᠠ ᠠᠴᠠ ᠪᠠᠨ ᠤᠷᠳᠤ ᠪᠠᠶᠢᠳᠠᠭ︔ ᠠᠮᠠᠷᠠᠯᠳᠠ ᠶᠢᠨ ᠬᠤᠭᠤᠴᠠᠭᠠᠨ ᠳᠤ ᠰᠦᠯᠵᠢᠶᠠᠨ ᠤ ᠠᠨᠳᠠ ᠶᠢᠨ ᠰᠦᠯᠵᠢᠶᠠᠨ ᠳᠤ ᠭᠠᠷᠬᠤ ᠴᠠᠭ ᠨᠢ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 2.16 ᠴᠠᠭ ᠤᠷᠳᠤ ᠪᠤᠯᠤᠭᠰᠠᠨ ᠢ ᠰᠢᠯᠵᠢᠶ᠎ᠠ ᠶᠢᠨ ᠪᠠᠶᠢᠴᠠᠭᠠᠯᠳᠠ ᠪᠠᠷ ᠢᠯᠡᠷᠡᠬᠦᠯᠵᠠᠢ᠃ ᠡᠬᠦᠨ ᠲᠠᠢ ᠡᠰᠡᠷᠬᠦ ᠪᠠᠷ ᠭᠡᠷ ᠤᠨ ᠬᠦᠮᠦᠰ ᠲᠡᠭᠡᠨ ᠪᠠᠷ᠎ᠠ ᠪᠤᠯᠵᠦ ᠵᠤᠭᠤᠭᠳᠠᠨ ᠶᠠᠷᠢᠯᠴᠠᠬᠤ ᠴᠠᠭ ᠨᠢ ᠪᠠᠭᠠᠰᠴᠣ ᠪᠣᠢ᠃       ᠦᠷ᠎ᠠ ᠬᠡᠦᠬᠡᠳ ᠢᠶᠠᠨ ᠬᠠᠷᠠᠭᠠᠯᠵᠠᠬᠤ᠂ ᠡᠴᠢᠬᠡ ᠡᠬᠡ ᠪᠠᠨ ᠠᠴᠢᠯᠠᠬᠤ ᠵᠡᠪ ᠦᠬᠡᠢ ᠪᠠᠶᠢᠳᠠᠯ᠎ᠠ ᠪᠠᠨ ᠭᠠᠷ ᠤᠳᠠᠰᠤ ᠲᠠᠪᠠᠷᠢᠨ ᠪᠤᠳᠤᠯᠭᠠᠰᠢᠷᠠᠬᠤ ᠪᠠ ᠮᠠᠷᠰᠠᠭᠠᠨᠠᠨ ᠢᠨᠢᠶᠡᠬᠦ ᠴᠢᠯᠦᠬᠡ ᠲᠠᠢ᠃ ᠤᠳᠤ ᠶᠢᠨ ᠬᠦᠮᠦᠰ ︽ᠦᠷᠯᠦᠬᠡ ᠰᠡᠷᠢᠮᠡᠭᠴᠡ ᠪᠠᠨ ᠭᠠᠷ ᠤᠳᠠᠰᠤ ᠪᠠᠨ ᠲᠡᠮᠳᠡᠷᠢᠬᠦ᠂ ᠤᠷᠤᠢ ᠤᠨᠳᠠᠬᠤ ᠳᠤ ᠨᠠᠶᠢᠵᠠ ᠶᠢᠨ ᠳᠤᠭᠤᠷᠢᠭ ᠬᠠᠷᠠᠬᠤ︾ ᠮᠠᠭᠤ ᠲᠡᠳᠬᠠᠯ ᠲᠠᠢ ᠪᠤᠯᠵᠠᠢ︔ ᠵᠠᠭᠤᠨ ᠵᠢᠯ ᠤᠨ ᠡᠮᠦᠨ᠎ᠠ ᠬᠡᠪᠳᠡᠭᠡ ᠪᠠᠷ ᠢᠶᠠᠨ ᠬᠠᠷ᠎ᠠ ᠲᠡᠮᠡᠬᠢ ᠲᠠᠳᠠᠵᠤ᠂ ᠵᠠᠭᠤᠨ ᠵᠢᠯ ᠤᠨ ᠲᠠᠷᠠᠭ᠎ᠠ ᠬᠡᠪᠳᠡᠭᠡ ᠪᠠᠷ ᠢᠶᠠᠨ ᠭᠠᠷ ᠤᠳᠠᠰᠤ ᠳᠤᠭᠯᠠᠬᠤ ᠬᠡᠯᠪᠡᠷᠢ ᠶᠠᠩᠵᠤ ᠨᠢ ᠬᠦᠮᠦᠨ ᠢ ᠰᠤᠴᠢᠭᠠᠮ᠎ᠠ ᠠᠳᠠᠯᠢᠪᠳᠤᠷ ᠪᠠᠶᠢᠯ᠎ᠠ᠃ ᠭᠠᠷ ᠤᠳᠠᠰᠤ ᠠᠴᠠ ᠪᠠᠨ ᠰᠠᠯᠪᠠᠯ ᠶᠠᠭ ᠯᠡ ᠶᠢᠷᠳᠢᠨᠴᠦ ᠠᠴᠠ ᠠᠩᠬᠢᠵᠢᠷᠠᠭᠰᠠᠨ ᠰᠢᠬ ᠭᠠᠭᠴᠠᠭᠠᠷᠳᠠᠭᠰᠠᠨ ᠰᠡᠳᠬᠢᠯᠬᠡ ᠲᠠᠢ ᠪᠤᠯᠳᠠᠭ ᠨᠢ ᠭᠠᠶᠢᠬᠠᠯᠳᠠᠢ᠃ ᠰᠦᠯᠵᠢᠶᠡᠨ ᠳᠤ ︽ᠲᠡᠯᠡᠬᠡᠢ ᠲᠡᠬᠡᠷᠡᠭᠢ ᠬᠠᠮᠤᠭ ᠬᠤᠯᠠ ᠵᠠᠢ ᠪᠤᠯ ᠲᠠᠷᠤᠢ ᠪᠢ ᠴᠢᠨᠤ ᠲᠡᠷᠬᠡᠳᠡ ᠪᠠᠶᠢᠬᠤ ᠳᠤ ᠲᠠ ᠬᠠᠷᠢᠨ ᠭᠠᠷ ᠤᠳᠠᠰᠤ ᠪᠠᠷ ᠢᠶᠠᠨ ᠳᠤᠭᠯᠠᠵᠤ ᠯᠡ ᠪᠠᠶᠢᠳᠠᠭ︾ ᠬᠡᠰᠡᠨ ᠶᠠᠷᠢᠶ᠎ᠠ ᠲᠡᠯᠬᠡᠷᠡᠵᠦ ᠪᠠᠶᠢᠯ᠎ᠠ᠃ ᠡᠬᠦᠨ ᠠᠴᠠ ᠦᠵᠡᠬᠦ ᠳᠤ ᠤᠶᠤᠨᠳᠤ ᠭᠠᠷ ᠤᠳᠠᠰᠤ ᠨᠢ ᠬᠦᠮᠦᠰ ᠤᠨ ᠬᠠᠷᠢᠯᠴᠠᠭ᠎ᠠ ᠶᠠᠪᠤᠯᠴᠠᠭ᠎ᠠ ᠳᠤ ᠨᠡᠯᠢᠶᠡᠳ ᠶᠡᠭᠡ ᠨᠠᠵᠠᠭᠠᠢ ᠨᠦᠯᠦᠬᠡ ᠭᠠᠷᠭᠠᠵᠤ ᠪᠠᠶᠢᠭ᠎ᠠ ᠨᠢ ᠢᠯᠡᠷᠬᠡᠢ᠃    ᠣᠳᠣᠬᠢ ᠵᠠᠷᠢᠮ ᠬᠦᠮᠦᠰ ᠠᠮᠢᠳᠤᠷᠠᠯ ᠤᠨ ᠲᠣᠮᠳᠠ ᠪᠠᠨ ᠭᠠᠷ ᠤᠳᠠᠰᠤ ᠠᠴᠠ ᠪᠠᠨ ᠨᠢᠬᠡᠨᠳᠡ ᠰᠠᠯᠵᠤ ᠲᠡᠶᠢᠯᠬᠦ ᠦᠬᠡᠢ ᠪᠤᠯᠪᠠ᠃ ᠬᠤᠭᠤᠯᠠ ᠢᠳᠡᠬᠦ᠂ ᠵᠡᠬᠡᠯᠢ ᠳᠤᠭᠤᠷᠢᠬᠤ᠂ ᠲᠠᠷᠢᠶᠠᠨ ᠳᠤᠮᠳᠠ᠂ ᠬᠤᠨᠢᠨ ᠤ ᠲᠡᠷᠬᠡᠳᠡ ᠪᠦᠷ ᠯᠡ ᠭᠠᠷ ᠤᠳᠠᠰᠤ ᠪᠠᠷ ᠢᠶᠠᠨ ᠲᠤᠭᠯᠠᠬᠤ ᠪᠤᠯᠵᠤ᠂ ᠨᠡᠩ ᠴᠢᠨᠠᠭᠰᠢᠯᠠᠨ ᠮᠠᠰᠢᠨ ᠲᠡᠷᠬᠡ ᠵᠢᠯᠤᠭᠤᠳᠴᠤ ᠪᠠᠶᠢᠬᠰᠠᠨ ᠴᠦ ᠭᠠᠷ ᠤᠳᠠᠰᠤ ᠪᠠᠷ ᠢᠶᠠᠨ ᠳᠤᠭᠯᠠᠵᠤ ᠠᠮᠢ ᠨᠠᠰᠤ ᠡᠳ᠋ ᠬᠦᠷᠦᠩᠬᠡ ᠪᠠᠨ ᠰᠦᠢᠳᠬᠡᠭᠰᠡᠨ ᠬᠡᠷᠡᠭ ᠮᠤᠩ ᠦᠬᠡᠢ ᠤᠯᠠᠨ ᠪᠤᠢ᠃ ᠤᠳᠤ ᠬᠡᠳᠦ᠋ᠢᠪᠠᠷ ︽ᠭᠠᠷ ᠤᠳᠠᠰᠤᠨ ᠤ ᠴᠠᠭ ᠦᠶ᠎ᠠ︾ ᠳᠤ ᠤᠷᠤᠭᠰᠠᠨ ᠪᠤᠯᠪᠠᠴᠤ ︽ᠪᠠᠭ᠎ᠠ ᠳᠤᠭᠯᠠᠪᠠᠯ ᠪᠠᠯ ᠪᠠᠭ᠎ᠠ ᠯᠡ ᠬᠡᠳᠦᠷᠠᠪᠠᠯ ᠠᠶᠤᠯ︾ ᠪᠤᠯᠬᠤ ᠤᠴᠢᠷᠳᠠᠢ᠃     ᠠᠪᠤ ᠡᠵᠢ ᠪᠤᠯᠤᠭᠰᠠᠳ ᠯᠠᠪᠳᠠᠢ ᠦᠷ᠎ᠠ ᠬᠡᠦᠬᠡᠳ ᠲᠠᠢ ᠪᠠᠨ ᠰᠡᠳᠬᠢᠯ ᠰᠡᠳᠬᠢᠯ ᠢᠶᠠᠨ ᠤᠯᠤᠯᠴᠠᠵᠤ᠂ ᠪᠠᠶᠠᠷ ᠬᠦᠷ ᠲᠠᠢ ᠪᠠᠷ ᠶᠠᠷᠢᠶ᠎ᠠ ᠬᠦᠭᠡᠷᠦᠬᠡ ᠲᠡᠯᠬᠡᠬᠦ ᠬᠡᠵᠦ ᠪᠤᠳᠤᠬᠤ ᠨᠢ ᠶᠠᠷᠢᠶᠠᠨ ᠦᠬᠡᠢ᠃ ᠡᠴᠢᠬᠡ ᠡᠬᠡ ᠴᠢᠨᠢ ᠲᠠᠨ ᠢ ᠤᠢᠢᠯᠠᠭᠠᠬᠤ ᠦᠬᠡᠢ ᠪᠢᠰᠢ᠂ ᠬᠠᠷᠢᠨ ᠶᠠᠷᠤᠨᠢ ᠲᠠ ᠡᠴᠢᠬᠡ ᠡᠬᠡ ᠳᠡᠭᠡᠨ ᠤᠢᠢᠯᠠᠭᠠᠬᠤ ᠵᠠᠪᠰᠢᠶᠠᠨ ᠤᠯᠭᠤᠭᠰᠠᠨ ᠦᠬᠡᠢ ᠪᠠᠶᠢᠵᠤ ᠮᠡᠳᠡᠨ᠎ᠠ᠃ ᠰᠢᠨ᠎ᠠ ᠵᠢᠯ ᠴᠠᠭᠠᠨ ᠰᠠᠷ᠎ᠠ ᠪᠤᠯᠬᠤ ᠪᠠᠷ᠂ ᠬᠡᠷ ᠲᠡᠭᠡᠨ ᠬᠠᠷᠢᠭᠰᠠᠨ ᠤ ᠲᠠᠷᠠᠭ᠎ᠠ ᠡᠳᠦᠷᠵᠢᠨ ᠭᠠᠷ ᠤᠳᠠᠰᠤ ᠪᠠᠷ ᠢᠶᠠᠨ ᠳᠤᠭᠯᠠᠵᠤ ᠭᠡᠷ ᠤᠨ ᠬᠦᠮᠦᠰ ᠢᠶᠠᠨ ᠤᠮᠳᠤᠭᠠᠢᠢᠯᠠᠳᠠᠭ ᠨᠢ ᠬᠡᠴᠡᠬᠦᠦ︔ ᠡᠴᠢᠬᠡ ᠡᠬᠡ ᠴᠢᠨᠢ ᠶᠠᠮᠠᠷᠰᠢᠤ ᠰᠡᠳᠬᠢᠯᠬᠡ ᠲᠠᠢ ᠶᠢ ᠬᠡᠯᠡᠬᠦ ᠦᠬᠡᠢ ᠴᠤ ᠬᠡᠰᠡᠨ ᠮᠡᠳᠡᠬᠦ ᠪᠠᠶᠢᠯᠬᠦᠢ᠃     ᠤᠷᠳᠤ ᠬᠤᠭᠤᠴᠠᠭ᠎ᠠ ᠪᠠᠷ ᠬᠠᠷᠢ ᠭᠠᠵᠠᠷ ᠠᠵᠢᠯᠯᠠᠵᠤ ᠪᠠᠶᠢᠭ᠎ᠠ ᠦᠷ᠎ᠠ ᠬᠡᠦᠬᠡᠳ ᠲᠤ ᠠᠪᠴᠤ ᠬᠡᠯᠡᠪᠡᠯ᠂ ᠰᠢᠨ᠎ᠠ ᠵᠢᠯ ᠴᠠᠭᠠᠨ ᠰᠠᠷ᠎ᠠ ᠶᠢᠨ ᠠᠭᠤᠯᠵᠠᠯᠳᠠ ᠪᠠᠷ ᠠᠪᠤ ᠡᠵᠢ ᠲᠠᠢ ᠪᠠᠨ ᠠᠵᠢᠯ ᠠᠮᠢᠳᠤᠷᠠᠯ ᠤᠨ ᠪᠠᠶᠢᠳᠠᠯ ᠢᠶᠠᠨ ᠶᠠᠷᠢᠯᠴᠠᠵᠤ᠂ ᠴᠤᠭ ᠲᠠᠭᠠᠨ ᠪᠠᠩᠰᠢ ᠪᠠᠷᠢᠵᠤ᠂ ᠵᠤᠭᠤᠭ ᠲᠡᠯᠬᠡᠵᠦ᠂ ᠠᠶᠢᠯᠴᠢᠯᠠᠨ ᠳᠤᠭᠤᠷᠢᠵᠤ ᠵᠤᠯᠭᠠᠯᠳᠠ ᠬᠢᠬᠦ ᠨᠢ ᠵᠦᠢᠳᠠᠢ︔ ᠬᠠᠷᠢᠨ ᠤᠯᠳᠠᠰᠢ ᠦᠬᠡᠢ ᠠᠮᠠᠷᠠᠯᠳᠠ ᠶᠢᠨ ᠴᠠᠭ ᠢᠶᠠᠨ ᠭᠠᠷ ᠤᠳᠠᠰᠤᠨ ᠳᠤ ᠭᠠᠷᠤᠵᠠᠳᠠᠭᠤᠯᠵᠤ ᠭᠡᠷ ᠤᠨ ᠬᠦᠮᠦᠰ ᠢᠶᠠᠨ ᠭᠤᠮᠤᠳᠠᠭᠠᠳᠠᠭ ᠨᠢ ᠶᠠᠭ ᠲᠠᠭᠠᠷᠠᠬᠤ ᠦᠬᠡᠢ ᠶᠠᠪᠤᠳᠠᠯ ᠶᠤᠮ᠃ ᠦᠨᠡᠨ ᠢ ᠬᠡᠯᠡᠪᠡᠯ᠂ ᠠᠪᠤ ᠡᠵᠢ ᠪᠤᠯᠤᠭᠰᠠᠳ ᠤᠨ ᠱᠠᠭᠠᠷᠳᠠᠯᠭ᠎ᠠ ᠲᠠᠮᠠᠢ ᠦᠨᠳᠦᠷ ᠪᠢᠰᠢ᠂ ᠵᠦᠪᠬᠡᠨ ᠦᠷ᠎ᠡ ᠬᠡᠣᠬᠡᠳ ᠲᠠᠢ ᠪᠠᠨ ᠢᠯᠡᠬᠦᠬᠡᠨ ᠵᠤᠭᠤᠭᠳᠠᠬᠤ ᠶᠢ ᠯᠡ ᠬᠦᠰᠡᠳᠡᠭ᠃     ᠡᠶᠢᠮᠤ ᠠᠴᠠ ᠪᠢᠳᠠ ᠭᠠᠭᠴᠠᠬᠦ ᠠᠮᠠᠷᠠᠯᠳᠠ ᠶᠢᠨ ᠬᠤᠭᠤᠴᠠᠭ᠎ᠠ ᠪᠢᠰᠢ᠂ ᠡᠳᠦᠷ ᠳᠤᠳᠤᠮ ᠤᠨ ᠠᠵᠢᠯ ᠠᠮᠢᠳᠤᠷᠠᠯ ᠤᠨ ᠳᠤᠮᠳᠠ ᠪᠠᠨ ᠴᠤ ᠬᠡᠰᠡᠨ ᠤᠬᠠᠮᠰᠠᠷ ᠠᠴᠠ ᠪᠠᠨ ᠭᠠᠷ ᠤᠳᠠᠰᠤ ᠪᠠᠷ ᠳᠤᠳᠠᠭᠤᠬᠠᠨ ᠲᠣᠬᠯᠠᠵᠣ᠂ ᠰᠤᠯᠠ ᠴᠠᠭ ᠢᠶᠠᠨ ᠵᠠᠪᠳᠤᠨ ᠠᠪᠤ ᠡᠵᠢ ᠲᠠᠢ ᠪᠠᠨ ᠢᠯᠡᠬᠦᠬᠡᠨ ᠵᠤᠭᠤᠭᠳᠠᠬᠤ ᠪᠤᠯᠪᠠᠤ⁈                                                          ᠨᠠᠶᠢᠷᠠᠭᠤᠯᠤᠭᠴᠢ᠄ ᠭᠡᠭᠡᠨᠳᠤᠶᠠᠭ᠎ᠠ  
 
ᠢᠷᠡᠯᠲᠡ᠄ ᠣᠯᠠᠭᠠᠨᠬᠳᠠ ᠮᠤᠩᠭᠤᠯ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号