ᠦᠬᠡᠷ ᠤᠨ ᠡᠪᠡᠷ
ᠨᠡᠶᠢᠲᠡᠯᠡᠭᠰᠡᠨ ᠴᠠᠭ᠄
2017/9/1
           ᠤᠷᠢᠳᠤ ᠨᠢᠭᠡ ᠪᠠᠶᠠᠨ ᠬᠦᠮᠦᠨ ᠪᠠᠶᠢᠵᠤ ᠭᠡᠨ᠎ᠡ᠃ ᠨᠢᠬᠡ ᠡᠳᠤᠷ ᠶᠡᠷᠳᠢᠨᠴᠤ ᠶᠢᠨ ᠶᠠᠪᠤᠳᠠᠯ ᠢ ᠨᠡᠪᠳᠡ ᠦᠵᠡᠵᠤ ᠠᠶᠢᠯᠠᠳᠳᠠᠭ ᠮᠡᠷᠭᠡᠨ ᠲᠦᠯᠭᠡᠴᠢ ᠡᠷᠦᠬᠡ ᠭᠡᠷ ᠲᠤᠨᠢ ᠢᠷᠡᠵᠤ ᠭᠡᠷ ᠤᠨ ᠡᠵᠡᠨ ᠳᠤ ᠲᠦᠯᠭᠡ ᠦᠵᠡᠵᠤ ᠦᠭᠪᠡ ᠭᠡᠨ᠎ᠡ᠃ ᠲᠦᠯᠭᠡᠴᠢ ᠠᠴᠠ ᠪᠠᠶᠠᠨ ᠤ ᠴᠢᠷᠠᠢ ᠶᠢ ᠤᠳᠠᠳᠠᠯ᠎ᠠ ᠰᠢᠨᠵᠢᠵᠤ ᠠᠵᠢᠭᠯᠠᠭᠠᠳ  ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠤ ᠦᠳᠡ ᠶᠢᠨ ᠬᠤᠶᠢᠨ᠎ᠠ ᠬᠤᠶᠠᠷ ᠴᠠᠭ ᠪᠤᠯᠳᠠᠯ᠎ᠠ ᠦᠬᠡᠷ ᠤᠨ ᠡᠪᠡᠷ ᠢ  ᠬᠢᠴᠢᠶᠡ᠂ ᠦᠭᠡᠢ ᠪᠤᠯ ᠦᠬᠡᠷ ᠤᠨ ᠡᠪᠡᠷ ᠲᠤ ᠮᠦᠷᠭᠦᠭᠳᠡᠬᠦ ᠪᠤᠶᠤ ᠬᠠᠳᠬᠤᠭᠳᠠᠵᠤ ᠦᠭᠦᠨ᠎ᠡ ᠭᠡᠵᠣ ᠠᠶᠢᠯᠠᠳᠬᠠᠵᠤ ᠭᠡᠨ᠎ᠡ᠃ ᠪᠠᠶᠠᠨ ᠠᠴᠠ᠂〈ᠶᠠᠭᠠᠬᠢᠪᠠᠯ ᠵᠤᠬᠢᠨ᠎ᠠ ᠪᠣᠢ︖〉 ᠭᠡᠰᠡᠨ ᠳᠤ ᠲᠦᠯᠭᠡᠴᠢ ᠠᠴᠠ᠂〈ᠲᠡᠷᠡ ᠡᠳᠦᠷ ᠦᠬᠡᠷ ᠲᠠᠢ ᠪᠢᠳᠡᠬᠡᠢ ᠦᠢᠷᠠᠳᠣ 〉ᠭᠡᠪᠡ᠃       ᠪᠠᠶᠠᠨ ᠠᠴᠠ ᠲᠦᠯᠭᠡᠴᠢ ᠶᠢᠨ ᠬᠡᠯᠡᠭᠰᠡᠨ ᠲᠡᠷᠡ ᠡᠳᠣᠷ ᠠᠴᠠ ᠡᠬᠢᠯᠡᠨ ᠪᠦᠳᠦᠭᠦᠨ ᠪᠦᠳᠦᠭᠦᠨ  ᠮᠤᠳᠤ ᠤᠭᠲᠤᠯᠵᠤ ᠮᠣᠳᠣᠨ ᠠᠰᠠᠷ ᠪᠠᠶᠢᠭᠤᠯᠵᠤ ᠠᠰᠠᠷ ᠲᠡᠭᠡᠷ᠎ᠡ ᠪᠠᠨ ᠭᠠᠷᠴᠤ ᠰᠠᠭᠤᠬᠤ ᠶᠢᠨ ᠳᠠᠭᠠᠤ ᠲᠡᠷᠡ ᠡᠳᠣᠷ ᠨᠢ ᠠᠷᠪᠠᠭᠠᠳ ᠰᠠᠶᠢᠨ ᠡᠷ᠎ᠡ ᠶᠢ ᠮᠤᠳᠤ ᠰᠢᠳᠠᠮ ᠪᠠᠷᠢᠭᠤᠯᠵᠤ ᠦᠬᠡᠷ ᠶᠢ ᠬᠦᠭᠡᠭᠡᠯᠭᠡᠵᠤ ᠭᠡᠨ᠎ᠡ᠃ ᠲᠡᠷᠡ ᠡᠳᠤᠷ ᠨᠢ ᠦᠨᠡᠬᠡᠷ ᠬᠠᠯᠠᠭᠤᠨ ᠨᠠᠷᠠᠨ ᠳᠤ ᠬᠡᠳᠡᠭᠡᠨᠡᠭᠳᠡᠭᠰᠡᠨ ᠦᠬᠡᠷ ᠵᠦᠭ ᠪᠦᠷ ᠠᠴᠠ ᠮᠦᠭᠡᠷᠦᠯᠴᠡᠨ ᠮᠤᠳᠤᠨ ᠠᠰᠠᠷ ᠤᠨ ᠰᠡᠭᠦᠳᠡᠷ ᠲᠤ ᠵᠤᠭᠰᠤᠬᠤ ᠪᠠᠷ ᠢᠷᠡᠭᠰᠡᠨ ᠢ ᠠᠷᠪᠠᠭᠠᠳ ᠡᠷᠡᠰ ᠬᠦᠯᠦᠰᠦ ᠭᠠᠷᠳᠠᠯ᠎ᠠ ᠬᠦᠭᠡᠭᠡᠵᠤ ᠦᠳᠡ ᠶᠢᠨ ᠬᠤᠶᠢᠨ᠎ᠠ ᠬᠤᠶᠠᠷ ᠴᠠᠭ ᠪᠤᠯᠳᠠᠯ᠎ᠠ ᠠᠵᠢᠯᠯᠭᠠᠳ ᠠᠰᠠᠷ ᠳᠡᠭᠡᠷ᠎ᠡ ᠭᠠᠷᠴᠤ ᠦᠵᠡᠭᠰᠡᠨ ᠳᠤ ᠪᠠᠶᠠᠨ ᠨᠢᠭᠡᠨᠳᠡ ᠦᠬᠦᠴᠢᠭᠡᠪᠡ ᠭᠡᠨ᠎ᠡ᠃ ᠤᠴᠢᠷ ᠠᠨᠤ ᠭᠠᠳᠠᠨ᠎ᠠ ᠮᠤᠳᠤᠨ ᠠᠰᠠᠷ ᠲᠤᠤᠷ᠎ᠠ ᠦᠬᠡᠷ ᠪᠤᠯᠤᠨ ᠦᠬᠡᠷᠴᠢᠳ ᠦᠢᠮᠡᠭᠡᠨ ᠪᠤᠯᠵᠤ ᠪᠠᠶᠢᠬᠤ ᠳᠤ  ᠪᠠᠶᠠᠨ ᠤ ᠴᠢᠬᠢ ᠨᠢ ᠵᠠᠭᠠᠳᠤᠭᠠᠨᠠᠬᠤ ᠳᠤ ᠵᠡᠭᠦᠵᠤ ᠪᠠᠶᠢᠭᠰᠠᠨ ᠴᠢᠬᠢᠨ ᠬᠤᠳᠬᠤᠭᠤᠷ ᠢᠶᠠᠷ ᠎ ᠢᠶᠠᠨ ᠴᠢᠬᠢ ᠪᠠᠨ ᠤᠬᠤᠴᠢᠯᠠᠵᠤ  ᠪᠠᠶᠢᠭᠠᠳ ᠰᠤᠴᠢᠭᠰᠡᠨ ᠬᠦᠴᠦᠨ ᠲᠡᠭᠡᠨ ᠴᠢᠬᠢ ᠪᠠᠨ ᠬᠠᠳᠬᠤᠵᠤ ᠦᠬᠦᠴᠢᠬᠡᠪᠡ ᠭᠡᠨ᠎ᠡ᠃ ᠲᠡᠭᠦᠨ ᠤ ᠴᠢᠬᠢᠨ ᠬᠤᠳᠬᠤᠭᠤᠷ ᠨᠢ ᠦᠬᠡᠷ ᠤᠨ ᠡᠪᠡᠷ ᠪᠠᠷ ᠬᠢᠭᠰᠡᠨ ᠠᠵᠤᠭᠤ᠃
 
ᠢᠷᠡᠯᠲᠡ᠄ ᠬᠤᠯᠪᠣᠭ᠎ᠠ ᠰᠦᠯᠵᠢᠶᠡᠨ ᠠᠴᠠ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号