ᠭᠡᠰᠡᠷ ᠪᠤᠭᠳᠠ ᠬᠠᠳᠠᠳᠤ ᠠᠭᠤᠯᠠᠨ ᠳᠤ ᠢᠷᠡᠭᠰᠡᠨ ᠨᠢ
ᠨᠡᠶᠢᠲᠡᠯᠡᠭᠰᠡᠨ ᠴᠠᠭ᠄
2017/9/5
      ᠡᠷᠳᠡ ᠤᠷᠢᠳᠦ ᠶᠢᠨ ᠴᠠᠭ ᠲᠤ ᠭᠡᠨ᠎ᠡ᠃ ᠭᠡᠰᠡᠷ ᠪᠤᠭᠳᠠ ᠠᠷᠪᠠᠨ ᠬᠤᠶᠠᠷ ᠲᠤᠯᠤᠭᠠᠢ ᠲᠠᠢ ᠠᠷᠵᠠᠭᠠᠷ ᠬᠠᠷ᠎ᠠ ᠮᠠᠩᠭᠤᠰ ᠢ ᠲᠠᠭᠤᠭᠰᠠᠭᠠᠷ ᠰᠢᠷᠠᠮᠦ᠋ᠷᠡᠨ ᠭᠤᠤᠯ ᠤᠨ ᠡᠮᠦᠨ᠎ᠡ ᠡᠷᠭᠢ ᠳᠠᠬᠢ ᠬᠠᠳᠠᠳᠤ ᠠᠭᠤᠯᠠᠨ ᠳᠤ ᠢᠷᠡᠭᠰᠡᠨ ᠭᠡᠨ᠎ᠡ᠃ ᠦᠨᠦ ᠮᠠᠩᠭᠤᠰ ᠭᠡᠰᠡᠷ ᠪᠤᠭᠳᠠ ᠠᠴᠠ ᠳᠤᠲᠠᠭᠠᠵᠤ ᠬᠠᠳᠠᠳᠤ ᠠᠭᠤᠯᠠᠨ ᠤ ᠬᠠᠳᠠᠨ ᠤ ᠠᠷᠤ ᠪᠠᠷ ᠰᠢᠷᠭᠤᠨ ᠤᠷᠤᠭᠰᠠᠨ ᠭᠡᠨ᠎ᠡ᠃ ᠭᠡᠰᠡᠷ ᠪᠤᠭᠳᠠ ᠰᠢᠲᠢᠲᠦ ᠴᠠᠭᠠᠨ ᠰᠤᠮᠤ ᠪᠠᠨ ᠠᠪᠴᠤ ᠮᠠᠩᠭᠤᠰ ᠤᠨ ᠬᠤᠶᠢᠨ᠎ᠠ ᠠᠴᠠ ᠬᠠᠷᠪᠤᠭᠰᠠᠨ ᠳᠤ ᠦᠨᠦ ᠮᠠᠭᠤ ᠮᠠᠩᠭᠤᠰ ᠤᠨ ᠳᠠᠯᠳᠠᠯᠠᠵᠤ ᠪᠠᠶᠢᠭᠰᠠᠨ ᠲᠤᠮᠤ ᠬᠠᠳᠠ ᠭᠤᠤᠯ ᠢᠶᠠᠷ ᠪᠠᠨ ᠪᠤᠰᠤᠭ᠎ᠠ ᠎ ᠪᠠᠷ ᠴᠤᠭᠤᠷᠠᠵᠤ ᠬᠠᠭᠠᠷᠠᠭᠰᠠᠨ ᠭᠡᠨ᠎ᠡ᠃        ᠠᠶᠤᠭᠰᠠᠨ ᠮᠠᠩᠭᠤᠰ ᠵᠢᠷᠦᠭᠡ ᠴᠡᠴᠡᠷᠡᠨ ᠲᠤᠭᠳᠠᠵᠤ ᠴᠢᠳᠠᠯ ᠦᠭᠡᠢ ᠠᠭᠤᠯᠠᠨ ᠬᠤᠶᠢᠳᠤ ᠤᠷᠤᠭᠤ ᠦᠩᠭᠦᠷᠢᠵᠤ ᠲᠤᠩᠭᠢᠷᠠᠭᠰᠠᠭᠠᠷ ᠠᠮᠢ ᠵᠢᠭᠤᠳᠠᠨ ᠲᠤᠳᠠᠭᠠᠭᠰᠠᠨ ᠭᠡᠨ᠎ᠡ᠃ ᠭᠡᠰᠡᠷ ᠪᠤᠭᠳᠠ ᠮᠤᠷᠢ ᠪᠠᠨ ᠲᠤᠪᠳᠤᠯᠭᠠᠨ ᠠᠭᠤᠯᠠᠨ ᠳᠤ ᠭᠠᠷᠤᠭᠰᠠᠨ ᠳᠤ ᠭᠡᠰᠡᠷ ᠤᠨ ᠭᠡᠭᠡᠷ ᠮᠤᠷᠢᠨ ᠤ ᠮᠦᠷ ᠨᠢ ᠲᠡᠷᠡ ᠠᠭᠤᠯᠠᠨ ᠤ ᠪᠠᠷᠠᠭᠤᠨ ᠡᠮᠦᠨᠡᠭᠢ ᠢᠷᠭᠢᠯ ᠬᠠᠳᠠᠨ ᠳᠡᠭᠡᠷ᠎ᠡ ᠳᠤᠷᠤᠶᠢᠲᠠᠯ᠎ᠠ ᠦᠯᠡᠳᠡᠭᠰᠡᠨ ᠭᠡᠨ᠎ᠡ᠃      ᠭᠡᠰᠡᠷ ᠪᠤᠭᠳᠠ ᠶᠢᠨ ᠳᠠᠭᠠᠭᠤᠯᠠᠭᠰᠠᠨ ᠴᠡᠷᠢᠭ ᠤᠳ ᠡᠩᠨᠡᠷᠡᠨ ᠭᠡᠰᠡᠷ ᠪᠤᠭᠳᠠ ᠶᠢᠨ ᠬᠤᠶᠢᠨ᠎ᠠ ᠠᠴᠠ ᠮᠤᠷᠢ ᠲᠤᠪᠳᠤᠯᠭᠠᠨ ᠠᠭᠤᠯᠠᠨ ᠳᠤ ᠭᠠᠷᠤᠭᠰᠠᠨ ᠳᠤ ᠭᠡᠰᠡᠷ ᠪᠤᠭᠳᠠ ᠶᠢᠨ ᠮᠤᠷᠢᠨ ᠮᠦᠷ ᠲᠠᠢ ᠤᠷᠭᠤᠭ᠎ᠠ ᠬᠠᠳᠠᠨ ᠤ ᠪᠠᠷᠠᠭᠤᠨ ᠲᠠᠯ᠎ᠠ ᠪᠠᠷ ᠠᠭᠤᠯᠠᠨ ᠳᠤ ᠭᠠᠷᠬᠤ ᠦᠷᠭᠡᠨ ᠵᠠᠮ ᠭᠠᠷᠴᠠᠢ᠃ ᠬᠤᠵᠢᠮ ᠤᠨ ᠭᠦᠮᠦᠰ ᠡᠨᠡ ᠵᠠᠮ ᠢ ᠭᠡᠰᠡᠷ ᠎ ᠤᠨ ᠴᠡᠷᠢᠭ ᠤᠨ ᠬᠠᠳᠠᠳᠤ ᠠᠭᠤᠯᠠᠨ ᠳᠤ ᠭᠠᠷᠤᠭᠰᠠᠨ ᠵᠠᠮ ᠭᠡᠵᠤ ᠡᠭᠦᠷᠢᠳᠡ ᠨᠡᠷᠡᠳᠴᠠᠢ᠃       ᠭᠡᠰᠡᠷ ᠪᠤᠭᠳᠠ ᠬᠠᠳᠠᠳᠤ ᠠᠭᠤᠯᠠᠨ ᠦᠨᠳᠦᠷ ᠤᠷᠭᠢᠯ ᠳᠡᠭᠡᠷ᠎ᠡ ᠮᠤᠷᠢ ᠲᠤᠪᠳᠤᠯᠭᠠᠨ ᠭᠠᠷᠤᠭᠠᠳ ᠠᠭᠳᠠ ᠶᠢᠨ ᠵᠢᠯᠤᠭᠤ ᠪᠠᠨ ᠳᠠᠳᠠᠵᠤ ᠲᠦᠷᠪᠡᠨ ᠵᠦᠭ ᠢ ᠪᠠᠷᠠᠯᠠᠨ ᠰᠢᠨᠵᠢᠵᠤ ᠦᠵᠡᠭᠰᠡᠨ ᠳᠤ ᠲᠡᠭᠦᠨ ᠤ ᠵᠤᠭᠰᠤᠭᠰᠠᠨ ᠭᠠᠵᠠᠷ ᠤᠨ ᠪᠠᠷᠠᠭᠤᠨ ᠡᠮᠦᠨ᠎ᠡ ᠳᠤᠤᠷ᠎ᠠ ᠪᠠᠷᠠᠭᠤᠨᠰᠢ ᠬᠠᠨᠳᠤᠵᠤ ᠵᠠᠯᠪᠠᠷᠢᠨ ᠰᠠᠭᠤᠵᠤ ᠪᠠᠶᠢᠭ᠎ᠠ ᠭᠦᠮᠦᠨ ᠮᠡᠳᠦ ᠨᠢᠭᠡ ᠵᠠᠯᠪᠠᠷᠢᠭ᠎ᠠ ᠬᠠᠳᠠ ᠶᠡᠭᠡᠯ᠎ᠡ ᠬᠠᠯᠠᠭᠤᠮᠰᠠᠭ ᠦᠵᠡᠭᠳᠡᠭᠰᠡᠨ ᠭᠡᠨ᠎ᠡ᠃ ᠳᠡᠭᠡᠭᠡᠳ ᠠᠷᠪᠠᠨ ᠵᠦᠭ ᠤᠨ ᠡᠵᠡᠨ ᠭᠡᠰᠡᠷ ᠪᠤᠭᠳᠠ ᠡᠨᠡ ᠠᠭᠤᠯᠠ ᠨᠢ ᠠᠯᠢ ᠡᠷᠳᠡᠨ ᠤ ᠦᠶ᠎ᠡ ᠳᠤ ᠤᠰᠤ ᠳᠠᠭᠠᠭᠤᠯᠤᠭᠴᠢ ᠡᠵᠡᠳ ᠤᠨ ᠰᠢᠷᠠᠮᠦ᠋ᠷᠡᠨ ᠭᠤᠤᠯ ᠤᠨ ᠤᠷᠤᠰᠬᠠᠯ ᠎ ᠢ ᠬᠠᠰᠢᠵᠤ ᠪᠠᠶᠢᠭᠰᠠᠨ ᠬᠠᠰᠢᠯᠭ᠎ᠠ ᠬᠤᠷᠢᠭᠤᠯ ᠢ ᠰᠡᠳᠡᠯᠡᠵᠤ ᠬᠠᠶᠠᠭᠰᠠᠨ ᠭᠠᠵᠠᠷ ᠪᠤᠯᠬᠤ ᠶᠢ ᠲᠠᠨᠢᠵᠤ ᠤᠯᠤᠭᠰᠠᠨ ᠭᠡᠨ᠎ᠡ᠃ ᠲᠡᠷᠡ ᠭᠦᠮᠦᠨ ᠮᠡᠳᠦ ᠵᠠᠯᠪᠠᠷᠢᠭ᠎ᠠ ᠬᠠᠳᠠ ᠪᠤᠯ ᠤᠰᠤ ᠳᠠᠭᠠᠭᠤᠯᠤᠭᠴᠢ ᠡᠵᠡᠳ ᠮᠥᠨ ᠭᠡᠨ᠎ᠡ᠃ ᠭᠡᠰᠡᠷ ᠪᠤᠭᠳᠠ ᠠᠯᠲᠠᠨ ᠮᠡᠯᠡᠮᠡᠢ ᠪᠠᠷ ᠠᠭᠤᠯᠠᠨ ᠵᠡᠭᠦᠨ ᠤᠷᠤᠭᠤ ᠰᠢᠨᠵᠢᠵᠤ ᠦᠵᠡᠭᠰᠡᠨ ᠳᠤ ᠳᠡᠨᠳᠡ ᠨᠢᠭᠡᠨ ᠪᠤᠯᠠᠭ ᠤᠷᠭᠢᠯᠤᠵᠤ ᠵᠡᠭᠦᠨ ᠡᠮᠦᠨ᠎ᠡ ᠨᠠᠷᠠ ᠭᠠᠷᠬᠤ ᠵᠦᠭ ᠤᠷᠤᠰᠴᠤ ᠪᠠᠶᠢᠪᠠ᠃ ᠳᠡᠭᠡᠭᠡᠳ ᠭᠡᠰᠡᠷ ᠪᠤᠭᠳᠠ᠄ ︿︿ᠬᠤᠵᠢᠮ ᠡᠨᠡ ᠪᠤᠯᠠᠭ ᠤᠨ ᠪᠠᠷᠠᠭᠤᠨ ᠲᠠᠯ᠎ᠠ ᠳᠤ ᠨᠢᠭᠡᠨ ᠠᠭᠤᠯᠠᠨ ᠭᠤᠤ ᠤᠷᠤᠭᠤ ᠮᠤᠷᠤᠶᠢᠵᠤ  ᠤᠷᠭᠤᠭᠰᠠᠨ ᠬᠠᠶᠢᠯᠠᠰᠤᠨ ᠮᠤᠳᠤ ᠤᠷᠭᠤᠬᠤ ᠶᠤᠮ᠃ ᠡᠨᠡ ᠭᠠᠵᠠᠷ ᠪᠤᠯ ᠶᠡᠭᠡ  ᠬᠡᠰᠢᠭ ᠲᠠᠢ ᠲᠠᠷᠬᠠᠨ ᠭᠠᠵᠠᠷ ᠪᠠᠶᠢᠨ᠎ᠠ ᠳ᠋ᠠ︕﹀﹀ ᠭᠡᠰᠡᠨ ᠭᠡᠨ᠎ᠡ᠃ ᠬᠤᠵᠢᠮ ᠨᠢ ᠲᠡᠨᠳᠡ ᠨᠢ ᠦᠨᠡᠭᠡᠷ ᠨᠢᠭᠡᠨ ᠰᠠᠭᠤᠷᠢ ᠮᠤᠷᠤᠢ ᠬᠠᠶᠢᠯᠠᠰᠤ ᠮᠤᠳᠤ ᠤᠷᠭᠤᠵᠤ᠂ ᠮᠤᠳᠤᠨ ᠤ ᠮᠤᠷᠤᠶᠢᠭᠰᠠᠨ ᠳᠤᠤᠷ᠎ᠠ ᠲᠠᠯ᠎ᠠ ᠠᠴᠠ ᠨᠢᠭᠡᠨ ᠯᠠᠮ᠎ᠠ ᠡᠷᠳᠡᠨᠢ ᠶᠢᠨ ᠪᠠᠭᠤᠪᠴᠢ ᠤᠯᠵᠤ ᠲᠡᠭᠦᠨ ᠢᠶᠠᠨ ᠬᠤᠳᠠᠯᠳᠤᠵᠤ ᠤᠯᠤᠭᠰᠠᠨ ᠵᠤᠭᠤᠰ ᠢᠶᠠᠷ ᠢᠶᠠᠨ ᠭᠤᠮᠪᠤᠨ ᠭᠡᠶᠢᠳ ᠲᠤ ᠶᠠᠪᠤᠬᠤ ᠵᠠᠮ ᠤᠨ ᠵᠠᠷᠤᠳᠠᠯ ᠢᠶᠠᠨ ᠰᠢᠢᠳᠪᠦᠷᠢᠯᠡᠵᠦ ᠡᠷᠳᠡᠮ ᠰᠤᠷᠴᠤ ᠢᠷᠡᠭᠡᠳ ᠬᠠᠳᠠᠳᠤ ᠶᠢᠨ ᠰᠦᠮ᠎ᠡ ᠶᠢᠨ ᠵᠦᠳᠪᠠ ᠷᠠᠰᠠᠩ ᠪᠤᠯᠤᠯ᠎ᠠ ᠭᠡᠳᠡᠭ᠃ ᠡᠨᠡ ᠪᠤᠯ ᠬᠤᠵᠢᠮ ᠤᠨ ᠵᠤᠭᠤᠭ ᠪᠣᠯᠴᠢᠬᠠᠵᠠᠢ᠃ ᠭᠡᠰᠡᠷ ᠪᠤᠭᠳᠠ ᠳᠡᠨᠳᠡ ᠪᠠᠰᠠ ᠵᠤᠭᠰᠤᠭᠠᠳ ᠰᠡᠭᠦᠷᠡᠰᠤ ᠠᠯᠳᠠᠨ᠄ ︿︿ᠰᠡᠭᠦᠵᠢ ᠪᠠᠨ ᠮᠦᠯᠳᠦᠯᠦᠭᠦᠯᠦᠭᠰᠡᠨ ᠦᠨᠦᠴᠢᠨ ᠠᠭᠤᠯᠠ ᠨᠢ ᠭᠤᠨᠢᠷᠬᠠᠯᠲᠠᠢ ᠪᠠᠷ ᠬᠤᠴᠣᠷᠴᠤ᠂ ᠪᠡᠶ᠎ᠡ ᠪᠠᠨ ᠴᠠᠪᠴᠢᠭᠤᠯᠤᠭᠰᠠᠨ ᠵᠡᠮᠳᠡᠭ ᠠᠭᠤᠯᠠ ᠨᠢ ᠭᠦᠭᠡᠷᠦᠭᠦᠶᠢᠯᠡᠯᠲᠠᠢ ᠪᠠᠷ ᠪᠠᠷᠠᠯᠠᠨ᠎ᠠ᠃ ᠬᠤᠵᠢᠮ ᠦᠯᠡᠮᠵᠢ ᠪᠤᠶᠠᠨᠲᠠᠨ ᠢᠷᠡᠵᠤ᠂ ᠡᠨᠡ ᠤᠷᠤᠨ ᠎ ᠳᠤ ᠦᠯᠵᠡᠢ ᠬᠤᠳᠤᠭ ᠤᠷᠤᠰᠢᠵᠤ ᠭᠦᠭᠵᠢᠨ ᠮᠠᠨᠳᠤᠮᠤᠢ﹀﹀ ᠭᠡᠵᠤ ᠠᠶᠢᠯᠠᠳᠤᠭᠰᠠᠨ ᠭᠡᠨ᠎ᠡ᠃ ᠬᠤᠵᠢᠮ ᠨᠢ ᠭᠡᠰᠡᠷᠵᠠᠪ ᠭᠡᠰᠡᠨ ᠭᠦᠮᠦᠨ ᠦᠨᠡᠭᠡᠷ ᠠᠳᠡ ᠬᠠᠳᠠᠳᠤ ᠶᠢᠨ ᠰᠦᠮ᠎ᠡ ᠶᠢ ᠪᠠᠶᠢᠭᠤᠯᠤᠭᠰᠠᠨ ᠪᠠᠶᠢᠨ᠎ᠠ᠃                                  ᠮᠦᠩᠭᠡᠪᠠᠭᠠᠲᠤᠷ ᠶᠠᠷᠢᠵᠤ᠂ ᠨᠠᠮᠲᠠᠶᠢᠰᠦ᠋ᠷᠥᠩ ᠡᠮᠭᠢᠳᠭᠡᠪᠡ  
 
ᠢᠷᠡᠯᠲᠡ᠄ ᠬᠤᠯᠪᠤᠭ᠎ᠠ ᠰᠦᠯᠵᠢᠶᠡᠨ ᠠᠴᠠ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号