ᠪᠢ ᠮᠤᠩᠭᠤᠯ ᠢᠶᠠᠷ ᠢᠶᠠᠨ ᠭᠤᠶᠤᠳᠠᠭ —  ᠱ᠊᠂ ᠬᠦᠷᠦᠪᠠᠽᠠᠷ
ᠨᠡᠶᠢᠲᠡᠯᠡᠭᠰᠡᠨ ᠴᠠᠭ᠄
2019/8/22
                                           ᠱ᠊᠂ ᠬᠦᠷᠦᠪᠠᠽᠠᠷᠬᠥᠬᠡ ᠠᠽᠢᠶ᠎ᠠ ᠶᠢᠨ ᠴᠡᠭᠡᠵᠢᠨ ᠳᠡᠭᠡᠷ᠎ᠡ ᠢᠷᠡᠵᠦ ᠪᠤᠴᠠᠬᠤ ᠶᠢᠨ ᠤᠴᠢᠷᠬᠥᠮᠥᠨ ᠤ ᠠᠯᠲᠠᠨ ᠵᠠᠶᠠᠭ᠎ᠠ ᠠᠳᠡ ᠪᠠᠶᠢᠬᠤ ᠶᠢᠨ ᠤᠴᠢᠷᠲᠤᠩᠭᠠᠯᠠᠭ ᠱᠠᠩᠳᠠ ᠶᠢᠨ ᠳᠤᠯᠢᠶ᠎ᠠ ᠶᠢᠬᠤᠯᠠᠨ ᠲᠠᠢ ᠴᠤᠭ ᠪᠤᠯᠢᠶᠠᠯᠳᠤᠵᠤ ᠷᠠᠰᠢᠶᠠᠨ ᠠᠮᠰᠠᠬᠤ ᠶᠢᠨ ᠤᠴᠢᠷᠲᠤᠭᠤᠷᠠᠢ ᠶᠢᠨ ᠲᠠᠮᠠᠭ᠎ᠠ ᠲᠠᠢ ᠬᠥᠷᠥᠰᠥᠨ ᠳᠡᠭᠡᠷ᠎ᠡᠤᠨᠠᠭ᠎ᠠ ᠲᠠᠢ ᠬᠠᠮᠲᠤ ᠳᠡᠨᠵᠢᠵᠦ ᠬᠥᠯ ᠳᠤ ᠣᠷᠣᠬᠤ ᠶᠢᠨ ᠤᠴᠢᠷᠪᠢ  ᠮᠣᠩᠭᠤᠯ ᠳᠤ ᠪᠠᠨ ᠮᠡᠨᠳᠦᠯᠡᠭᠰᠡᠨᠪᠢ ᠮᠣᠩᠭᠤᠯ ᠢᠶᠠᠷ ᠢᠶᠠᠨ ᠭᠤᠶᠣᠳᠠᠭᠬᠥᠬᠦᠭᠡ  ᠎ ᠲᠠᠢ ᠵᠤᠨ ᠤ ᠴᠡᠴᠡᠭ ᠤᠨ ᠠᠯᠠᠭ ᠰᠢᠭᠦᠳᠡᠷᠢ ᠪᠠᠷ ᠨᠢ ᠬᠥᠯ ᠢᠶᠠᠨ ᠭᠤᠶᠤᠳᠠᠭᠬᠦᠷᠡᠩ ᠲᠣᠯᠣᠭᠠᠢ ᠶᠢᠨ ᠠᠶᠢᠵᠠᠮ ᠵᠢᠪᠬᠤᠭ᠎ᠠ ᠪᠠᠷ ᠨᠢ ᠬᠤᠭᠤᠯᠠᠢ ᠪᠠᠨ ᠭᠤᠶᠣᠳᠠᠭᠵᠡᠷᠭᠡᠯᠭᠡᠨᠳᠦᠭᠰᠡᠨ ᠭᠤᠪᠢ ᠶᠢᠨ ᠪᠠᠷᠠᠭᠠᠨ ᠨᠡᠭᠦᠳᠡᠯ ᠢᠶᠠᠷ ᠬᠠᠷᠠᠴᠠ ᠪᠠᠨ ᠭᠤᠶᠤᠳᠠᠭᠵᠡᠭᠡᠭᠯᠡᠭᠰᠡᠨ ᠰᠢᠷ᠎ᠠ ᠲᠣᠯᠣᠭᠠᠳ ᠤᠨ ᠠᠯᠳᠠᠨ ᠬᠤᠷᠮᠣᠢ ᠪᠠᠷ ᠬᠠᠶᠠᠭ᠎ᠠ ᠪᠠᠨ ᠭᠤᠶᠤᠳᠠᠭᠪᠢ ᠮᠣᠩᠭᠤᠯ ᠢᠶᠠᠷ ᠢᠶᠠᠨ ᠭᠤᠶᠤᠳᠠᠭᠰᠢᠷᠭᠢᠰᠢ ᠦᠭᠡᠢ ᠮᠢᠩᠭᠠᠨ ᠭᠤᠣᠯ ᠤᠨ ᠢᠶᠠᠨ ᠤᠰᠤ ᠶᠢ ᠨᠠᠷᠠ ᠵᠥᠪ ᠪᠦᠰᠡᠯᠡᠵᠦ ᠭᠤᠶᠤᠳᠠᠭᠰᠢᠯᠭᠡᠭᠡᠰᠢ ᠦᠬᠡᠢ ᠮᠥᠩᠬᠡ ᠨᠤᠳᠤᠭ ᠤᠨ ᠢᠶᠠᠨ ᠠᠭᠤᠯᠠᠰ ᠢ ᠨᠠᠷᠠ ᠵᠥᠪ ᠲᠦᠰᠢᠵᠦ ᠭᠤᠶᠤᠳᠠᠭᠬᠠᠪᠤᠷ ᠤᠨ ᠲᠡᠷᠢᠭᠦᠨ ᠰᠠᠷ᠎ᠠ ᠶᠢᠨ ᠰᠢᠨ᠎ᠡ ᠶᠢᠨ ᠨᠢᠭᠡᠨ ᠢ ᠠᠰᠢᠳᠠ ᠶᠢᠨ ᠪᠡᠯᠭᠡ ᠪᠠᠷ ᠭᠤᠶᠤᠳᠠᠭᠨᠠᠮᠤᠷ ᠤᠨ ᠳᠤᠮᠳᠠ ᠰᠠᠷ᠎ᠠ ᠶᠢᠨ ᠠᠷᠪᠠᠨ ᠲᠤᠯᠤᠭᠠᠨ ᠢ ᠠᠮᠠᠷᠠᠭ ᠤᠨ ᠬᠠᠷᠠᠴᠠ ᠪᠠᠷ ᠭᠤᠶᠤᠳᠠᠭᠠᠷᠪᠠᠨ ᠲᠠᠪᠤᠨ ᠤ ᠰᠠᠷ᠎ᠠ ᠦᠦᠷᠰᠡᠭᠰᠡᠨ ᠲᠤᠯᠤᠭᠠᠳ ᠢᠶᠠᠷ ᠢᠶᠠᠨᠠᠶᠢᠯ ᠤᠨ ᠪᠠᠷ᠎ᠠ ᠪᠠᠨ ᠭᠤᠶᠤᠳᠠᠭᠠᠮᠤᠷ ᠰᠠᠶᠢᠬᠠᠨ ᠵᠢᠷᠭᠠᠭᠰᠠᠨ ᠦᠯᠢᠭᠡᠷ ᠤᠨ ᠲᠡᠭᠦᠰᠬᠡᠯ ᠢᠶᠠᠷᠠᠰᠢᠳᠠ ᠶᠢᠨ ᠪᠡᠯᠭᠡ ᠪᠠᠨ ᠭᠤᠶᠤᠳᠠᠭᠳᠥᠷᠪᠡᠨ ᠴᠠᠭ ᠤᠨ ᠴᠡᠩᠭᠡᠭ ᠰᠠᠯᠬᠢ ᠪᠠᠷ ᠢᠶᠠᠨ  ᠬᠡᠢ ᠮᠣᠷᠢ ᠪᠠᠨ ᠭᠤᠶᠤᠳᠠᠭᠳᠥᠷᠥᠭᠡᠨ ᠳᠡᠭᠡᠷ᠎ᠡ ᠪᠠᠨ ᠨᠠᠷᠠ ᠲᠠᠢ ᠳᠠᠪᠬᠢᠵᠦ ᠵᠠᠶᠠᠭ᠎ᠠ ᠪᠠᠨ ᠭᠤᠶᠤᠳᠠᠭᠪᠢ ᠮᠣᠩᠭᠤᠯ ᠢᠶᠠᠷ ᠢᠶᠠᠨ ᠭᠤᠶᠤᠳᠠᠭᠰᠣᠶᠣᠮᠪᠤ ᠨᠢ ᠢᠨᠢᠶᠡᠭᠰᠡᠨ ᠲᠥᠷᠥ ᠶᠢᠨ ᠰᠦᠯᠳᠡ ᠪᠠᠷ ᠢᠶᠠᠨ ᠳᠡᠭᠡᠳᠦ ᠲᠡᠭᠷᠢ ᠪᠠᠨ ᠭᠤᠶᠤᠳᠠᠭᠰᠣᠯᠣᠩᠭ᠎ᠠ ᠨᠢ ᠬᠥᠯᠥᠷᠡᠭᠰᠡᠨ ᠳᠡᠯᠭᠡᠷ ᠨᠤᠲᠤᠭ ᠢᠶᠠᠷ ᠢᠶᠠᠨ ᠳᠡᠷᠭᠡᠳᠡ ᠭᠠᠵᠠᠷ ᠢᠶᠠᠨ ᠭᠤᠶᠤᠳᠠᠭᠣᠯᠠᠨ ᠮᠢᠩᠭᠠᠨ ᠪᠤᠭᠤᠷᠤᠯ ᠲᠡᠦᠬᠡ ᠪᠠᠷ ᠢᠶᠠᠨ ᠳᠡᠯᠡᠬᠡᠢ ᠶᠢᠨ ᠱᠠᠰᠲᠢᠷ ᠢ ᠭᠤᠶᠤᠳᠠᠭᠣᠷᠴᠢᠯᠠᠩ ᠳᠤ ᠪᠠᠶᠢᠬᠤ ᠦᠭᠡᠢ ᠲᠣᠷᠭᠠᠨ ᠵᠠᠩᠰᠢᠯ ᠢᠶᠠᠷ ᠢᠶᠠᠨ ᠳᠣᠷᠣᠨ᠎ᠠ ᠶᠢᠨ ᠦᠨᠡᠮᠰᠢᠯ ᠢ ᠭᠤᠶᠤᠳᠠᠭᠪᠢ ᠮᠣᠩᠭᠤᠯ ᠢᠶᠠᠷ ᠢᠶᠠᠨ ᠭᠤᠶᠤᠳᠠᠭᠠᠶᠢᠷᠠᠭ ᠲᠤᠨᠢ ᠠᠷᠠᠳ ᠤᠨ ᠳᠠᠭᠤᠤ ᠢᠰᠦᠭᠰᠡᠨ ᠬᠦᠬᠦᠦᠷ ᠢᠶᠠᠷ ᠨᠢ ᠬᠠᠨ᠎ᠠ ᠪᠠᠨ ᠭᠤᠶᠤᠳᠠᠭᠠᠶᠠᠭᠠᠨ ᠳᠤᠨᠢ ᠦᠳᠡ ᠶᠢᠨ ᠨᠠᠷᠠ ᠳᠠᠯᠪᠢᠯᠵᠠᠭᠰᠠᠨ ᠡᠪᠦᠭᠡᠳ ᠢᠶᠠᠷ ᠢᠶᠠᠨ ᠬᠤᠶᠢᠮᠤᠷ ᠢᠶᠠᠨ ᠭᠤᠶᠤᠳᠠᠭᠮᠣᠷᠢᠳ ᠡᠷᠭᠢᠭᠰᠡᠨ ᠨᠠᠭᠠᠳᠤᠮ ᠤᠨ ᠳᠤᠷᠳᠤᠩ ᠲᠣᠭᠤᠰᠣ ᠪᠠᠷ ᠨᠢ ᠳᠡᠪᠡᠯ ᠢᠶᠠᠨ ᠭᠤᠶᠤᠳᠠᠭᠮᠣᠩᠭᠤᠯ ᠭᠡᠰᠡᠨ ᠵᠢᠷᠭᠤᠭᠠᠨ ᠦᠰᠦᠭ ᠲᠠᠢ ᠪᠤᠷᠬᠠᠨ ᠨᠡᠷ᠎ᠡ ᠪᠠᠷ ᠨᠢ ᠳᠡᠯᠡᠬᠡᠢ ᠳᠤ ᠭᠤᠶᠤᠳᠠᠭᠪᠢ ᠮᠣᠩᠭᠤᠯ ᠢᠶᠠᠷ ᠢᠶᠠᠨ ᠭᠤᠶᠤᠳᠠᠭ᠃
 
ᠢᠷᠡᠯᠲᠡ᠄ ᠤᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号