ᠵᠢᠷᠭᠠᠯ  ᠤᠨ  ᠭᠤᠤᠯ —  ᠵᠢᠷᠭᠠᠯ ᠤᠨ ᠲᠠᠭᠤᠤ ︵  ᠨᠢᠭᠡ︶
ᠨᠡᠶᠢᠲᠡᠯᠡᠭᠰᠡᠨ ᠴᠠᠭ᠄
2020/5/11
                                                      ᠪᠠᠶᠠᠨᠰᠠᠩ          ᠬᠠᠶᠢᠯᠠᠰᠦ ᠶᠢᠨ ᠠᠭᠤᠯᠠᠨ ᠠᠴᠠ ᠵᠡᠭᠦᠨ ᠡᠮᠤᠨᠡᠰᠢ᠂ ᠰᠢᠷ᠎ᠠ ᠮᠦᠷᠡᠨ ᠤ ᠡᠮᠤᠨ᠎ᠡ ᠪᠡᠶ᠎ᠡ ᠪᠠᠷ ᠨᠢᠭᠡᠨ ᠵᠤᠷᠪᠤᠰ ᠲᠠᠳᠠᠮᠠᠯ ᠭᠤᠤᠯ ᠳᠤᠯᠭᠢᠶᠠᠯᠠᠨ ᠤᠷᠤᠰᠴᠦ ᠪᠠᠶᠢᠳᠠᠭ᠃ ᠡᠨᠡ ᠭᠤᠤᠯ ᠢ ᠮᠠᠨ ᠤ ᠨᠤᠳᠤᠭ ᠶᠢᠨ ᠬᠢᠨ ᠵᠢᠷᠭᠠᠯ  ᠤᠨ ᠭᠤᠤᠯ ᠬᠡᠮᠡᠨ ᠲᠠᠭᠤᠳᠠᠵᠠᠭᠠᠳᠠᠭ ᠰᠠᠨ᠃ ᠵᠢᠷᠭᠠᠯ ᠤᠨ ᠭᠤᠤᠯ ᠢ ᠤᠯᠠᠭᠠᠨᠬᠠᠳᠠ ᠬᠤᠳᠠ ᠶᠢᠨ ᠭᠠᠵᠠᠷ ᠤᠨ ᠵᠢᠷᠤᠭ ᠴᠢᠨᠠᠭᠰᠢᠯᠠᠨ ᠤᠡᠭᠨᠢᠭᠤᠳ ᠬᠤᠰᠢᠭᠤᠨ ᠤ ᠭᠠᠵᠠᠷ ᠤᠨ ᠵᠢᠷᠤᠭ ᠳᠡᠬᠡᠷ᠎ᠡ ᠴᠦ ᠡᠷᠢᠭᠡᠳ ᠤᠯᠬᠤ ᠦᠭᠡᠢ ᠪᠠᠶᠢᠳᠠᠭ᠃ ᠭᠡᠳᠡᠯ᠎ᠡ ᠮᠢᠨᠤ ᠪᠤᠳᠤᠯ ᠰᠡᠳᠭᠢᠯ᠂ ᠮᠠᠨ ᠤ ᠨᠤᠳᠤᠭ ᠤᠨ ᠬᠦᠮᠦᠨ ᠠᠷᠠᠳ ᠤᠨ ᠠᠶᠤᠤᠯᠢᠬᠠᠢ ᠴᠡᠭᠡᠵᠢᠨ  ᠳᠤ ᠠᠯᠠᠭᠠᠨ ᠤ ᠬᠢᠨᠢ ᠵᠢᠷᠤᠭᠠᠰᠤ᠂ ᠠᠭᠤᠰᠬᠢ ᠵᠢᠷᠤᠬᠡᠨ ᠤ ᠬᠢᠨᠢ ᠰᠤᠳᠠᠰᠤ ᠰᠢᠭ᠋ ᠡᠭᠦᠷᠢᠳᠡ ᠳᠤᠳᠤᠷᠬᠠᠢ ᠪᠠᠶᠢᠳᠠᠭ᠃          ᠵᠢᠷᠭᠠᠯ ᠤᠨ ᠭᠤᠤᠯ ᠪᠤᠯ ᠬᠠᠶᠢᠯᠠᠰᠤ ᠶᠢᠨ ᠠᠭᠤᠯᠠ᠂ ᠪᠠᠭᠠᠷᠢᠨ ᠬᠠᠯᠵᠠᠨ ᠬᠤᠶᠠᠷ ᠠᠭᠤᠯᠠᠨ ᠤ ᠬᠤᠭᠤᠷᠤᠨᠳᠤᠬᠢ ᠰᠢᠷ᠎ᠠ ᠮᠦᠷᠡᠨ ᠠᠴᠠ ᠡᠬᠢ ᠠᠪᠴᠦ᠂ ᠮᠠᠨᠳᠤᠬᠤ ᠨᠠᠷᠠᠨ ᠢ ᠴᠢᠭᠯᠡᠨ ᠰᠢᠷ᠎ᠠ ᠮᠦᠷᠡᠨ ᠤ ᠡᠮᠤᠨ᠎ᠡ ᠳᠡᠨᠵᠢ ᠶᠢᠨ ᠵᠤ ᠲᠠᠯᠠᠩ   ᠤᠨ ᠲᠡᠭᠡᠭᠦᠷ᠂ ᠪᠦᠷᠢᠳᠤᠨ ᠳᠠᠯ᠎ᠠ᠂ ᠲᠠᠩᠭᠤᠳ ᠤᠨ ᠳᠠᠯ᠎ᠠ᠂ ᠰᠠᠶᠢᠬᠠᠨ ᠳᠠᠯ᠎ᠠ᠂ ᠪᠠᠶᠠᠨ ᠳᠠᠯ᠎ᠠ ᠶᠢᠨ ᠠᠷᠤ ᠬᠦᠪᠡᠭᠡ ᠶᠢ ᠲᠠᠭᠠᠨ ᠤᠷᠤᠰᠴᠤ᠂ ᠪᠠᠶᠠᠡᠳᠣᠬᠤᠢ ᠰᠤᠮᠤ ᠶᠢᠨ ᠵᠡᠭᠦᠨ ᠬᠢᠵᠠᠭᠠᠷ ᠳᠤ ᠬᠦᠷᠤᠭᠡᠳ ᠰᠢᠷ᠎ᠠ ᠮᠦᠷᠡᠨ ᠪᠠ ᠯᠤᠤᠬ᠎ᠠ ᠶᠢᠨ ᠭᠤᠤᠯ ᠤᠨ ᠨᠡᠶᠢᠯᠡᠭᠰᠡᠨ ᠠᠴᠠ ᠰᠠᠯᠠᠭ᠎ᠠ ᠶᠢᠨ ᠳᠡᠭᠡᠷ᠎ᠡ ᠳᠠᠯ᠎ᠠ ᠳᠤ ᠯᠤᠤᠬ᠎ᠠ ᠶᠢᠨ ᠭᠤᠤᠯ ᠳᠤ ᠴᠢᠳᠬᠤᠳᠠᠭ᠃  ᠶᠠᠭ ᠯᠠ ᠨᠢᠭᠡᠨ ᠬᠤᠸᠠ ᠰᠢᠷᠭ᠎ᠠ ᠠᠭᠳᠠ ᠬᠦᠯᠤᠭ᠌ ᠠᠯᠤᠰ ᠬᠤᠯᠠ ᠠᠴᠠ ᠠᠮᠠᠭᠠᠢ ᠰᠤᠩᠭᠠᠨ ᠲᠡᠯᠡᠮᠡᠭᠦᠯᠦᠨ ᠵᠢᠷᠤᠭᠠᠯᠠᠭᠰᠠᠭᠠᠷ ᠢᠷᠡᠵᠤ ᠰᠦᠷᠤᠭ᠌ ᠠᠳᠤᠭᠤᠨ ᠳᠠᠭᠠᠨ ᠨᠡᠶᠢᠯᠡᠭᠰᠡᠨ ᠠᠳᠠᠯᠢ ᠶᠤᠮ᠃        ᠵᠢᠷᠭᠠᠯ ᠤᠨ ᠭᠤᠤᠯ ᠤᠨ ᠤᠰᠤ ᠨᠢ ᠳᠠᠪᠠᠯᠭᠠᠨ ᠬᠠᠶᠠᠯᠠᠨ ᠳᠤᠭᠰᠢᠷᠠᠳᠠᠭ ᠦᠭᠡᠢ᠂ ᠬᠠᠷᠢᠨ ᠲᠦᠯᠭᠡᠬᠡᠨ ᠳᠤᠯᠭᠢᠶᠠᠯᠠᠨ ᠤᠷᠤᠰᠴᠦ ᠯᠠ ᠪᠠᠶᠢᠳᠠᠭ ᠰᠠᠨ᠃ ᠪᠢ ᠠᠷᠤ ᠲᠡᠨᠵᠢᠨ ᠳᠤ ᠨᠢ ᠲᠦᠷᠤᠵᠤ ᠦᠰᠦᠭᠰᠡᠨ ᠪᠤᠯᠬᠤᠷ ᠵᠢᠷᠭᠠᠯ ᠤᠨ ᠭᠤᠤᠯ ᠨᠢ ᠮᠠᠨᠠᠶᠢᠬᠢᠨ ᠤ ᠡᠭᠦᠳᠡ ᠭᠠᠷᠤᠮᠠᠭᠴᠠ ᠲᠤᠭᠤᠯᠵᠤ ᠭᠡᠳᠤᠯᠬᠦ ᠭᠤᠤᠯ ᠪᠤᠯᠵᠤ ᠪᠢᠯᠡ᠃ ᠠᠷᠠᠳ  ᠤᠨ ᠨᠢᠭᠡᠳᠤᠯ ᠳᠡᠭᠡᠷ᠎ᠡ ᠪᠠᠶᠢᠬᠤ ᠠᠷᠠᠯᠵᠢᠶ᠎ᠠ ᠬᠤᠳᠠᠯᠳᠤᠭ᠎ᠠ᠂ ᠠᠮᠤ ᠪᠤᠳᠠᠭ᠎ᠠ ᠶᠢᠨ ᠦᠷᠳᠡᠭᠡ᠂ ᠡᠮᠨᠡᠯᠭᠡ ᠶᠢᠨ ᠬᠤᠷᠢᠶ᠎ᠠ᠂ ᠠᠩᠬ᠎ᠠ ᠳᠤᠮᠳᠠᠳᠤ ᠰᠤᠷᠭᠠᠭᠤᠯᠢ᠂ ᠡᠭᠡᠯᠵᠢ ᠶᠢᠨ ᠮᠠᠰᠢᠨ ᠲᠡᠷᠭᠡᠨ ᠦᠷᠳᠡᠭᠡ ᠵᠡᠷᠭᠡ ᠭᠠᠵᠠᠷ ᠲᠤ ᠤᠴᠢᠬᠤ ᠪᠤᠯᠭᠠᠨ ᠳᠤ᠂ ᠠᠯᠢ ᠬᠤᠵᠢᠮ ᠨᠢ ᠠᠵᠢᠯ ᠳᠤ ᠭᠠᠷᠴᠦ᠂ ᠠᠷᠤ ᠭᠡᠷ ᠲᠡᠭᠡᠨ ᠬᠠᠷᠢᠬᠤ ᠪᠦᠷᠢ ᠬᠦᠯ ᠨᠢᠴᠤᠬᠦᠨ ᠢᠶᠠᠷ᠂ ᠬᠦᠯᠤᠭ᠌ ᠮᠤᠷᠢ ᠪᠠᠷ᠂ ᠬᠦᠷᠳᠤᠳᠤ ᠲᠡᠷᠭᠡ ᠪᠠᠷ ᠬᠡᠴᠢᠨᠡᠨ‌ᠤᠳᠠᠭ᠎ᠠ ᠲᠤᠭᠤᠯᠵᠤ ᠭᠡᠳᠤᠯᠤᠭ᠍ᠰᠠᠨ ᠦᠭᠡᠢ ᠪᠤᠢ︕       ᠵᠢᠷᠭᠠᠯ ᠤᠨ ᠭᠤᠤᠯ ᠮᠢᠨᠢ᠂ ᠦᠨᠤᠳᠤᠷ ᠪᠢ ᠠᠷᠦ ᠭᠡᠷ ᠲᠡᠭᠡᠨ ᠪᠠᠶᠢᠭ᠎ᠠ ᠨᠠᠰᠤᠳᠠᠨ ᠪᠤᠭᠤᠷᠤᠯ ᠡᠵᠢ ᠪᠠᠨ ᠦᠵᠡᠬᠦ ᠪᠠᠷ ᠤᠴᠢᠬᠤ ᠵᠠᠮ ᠳᠤ ᠪᠠᠨ ᠴᠢᠨᠤ ᠬᠦᠪᠡᠭᠡᠨ ᠳᠡᠭᠡᠷ᠎ᠡ ᠬᠦᠷᠴᠦ ᠢᠷᠡᠭᠡᠳ ᠵᠤᠭᠰᠤᠵᠤ ᠪᠠᠶᠢᠨ᠎ᠠ᠃ ᠡᠵᠢ  ᠶᠢᠨ ᠮᠢᠨᠢ ᠦᠷᠴᠢᠯᠡᠬᠡᠰᠣᠳᠡᠢ ᠴᠢᠷᠠᠢ ᠲᠦᠯᠭᠡᠨ ᠲᠤᠯᠭᠢᠶᠠᠯᠠᠬᠤ ᠤᠰᠤᠨ ᠳᠤ ᠴᠢᠨᠢ ᠦᠵᠡᠭᠳᠡᠵᠤ ᠪᠠᠶᠢᠭ᠎ᠠ ᠴᠤ ᠬᠡᠮᠡᠷ᠃ ᠡᠵᠢ ᠮᠢᠨᠢ ᠵᠠᠯᠠᠭᠤ ᠽᠠᠨᠳᠠᠨ ᠦᠶ᠎ᠡ ᠳᠤ ᠪᠠᠨ ᠵᠢᠷᠭᠠᠯ ᠤᠨ ᠭᠤᠤᠯ   ᠢ ᠮᠠᠯᠳᠠᠨ ᠨᠡᠪᠳᠡᠷᠡᠭᠦᠯᠬᠦ ᠠᠵᠢᠯ ᠳᠤ ᠭᠤᠷᠪᠠᠨ ᠵᠢᠯ ᠳᠠᠷᠠᠭᠠᠯᠠᠨ ᠤᠷᠤᠯᠴᠠᠯ᠎ᠠ ᠭᠡᠳᠡᠭ᠃ ᠭᠡᠴᠡᠭᠦᠤ ᠯᠡ ᠵᠦᠳᠡᠷᠡᠯ᠎ᠡ ᠭᠡᠰᠡᠨ ᠶᠤᠮ᠃ ᠭᠤᠴᠢᠭᠠᠳ ᠵᠢᠯ ᠤᠨ ᠡᠮᠤᠨ᠎ᠡ ᠪᠠᠶᠢᠵᠤ ᠳ᠋ᠠ᠂ ᠡᠵᠢ ᠮᠢᠨᠢ ᠪᠠᠰᠠ ᠠᠮᠤ ᠪᠤᠳᠠᠭᠠᠨ ᠤ ᠦᠷᠳᠡᠭᠡᠨ ᠠᠴᠠ ᠬᠤᠳᠠᠯᠳᠤᠵᠤ ᠠᠪᠤᠭᠰᠠᠨ ᠠᠷᠪᠠᠨ ᠵᠢᠩ ᠴᠠᠭᠠᠨ ᠭᠤᠯᠢᠷ ᠢᠶᠠᠨ ᠳᠡᠷᠭᠡᠨ ᠳᠤ ᠪᠠᠨ ᠳᠡᠭᠡᠭᠡᠪᠡᠯ ᠭᠤᠤᠯ ᠤᠨ ᠤᠰᠤᠨ ᠳᠤ ᠨᠤᠷᠴᠢᠬᠠᠬᠤ ᠠᠴᠠ ᠠᠶᠤᠭᠠᠳ ᠦᠪᠡᠷ  ᠢᠶᠠᠨ ᠮᠦᠷᠤᠪᠴᠢᠯᠡᠨ ᠡᠭᠦᠷᠴᠦ ᠠᠷᠠᠯ ᠳᠠᠪᠠᠭᠰᠠᠨ ᠵᠢᠷᠭᠠᠯ ᠤᠨ ᠭᠤᠤᠯ ᠤᠨ ᠤᠰᠤ ᠶᠢ ᠲᠤᠭᠤᠯᠵᠤ ᠭᠠᠷᠤᠯ᠎ᠠ ᠭᠡᠳᠡᠭ᠃ ᠬᠦᠭᠡᠷᠤᠭᠦᠢ︕ ᠠᠪᠦ ᠮᠢᠨᠢ ᠠᠷᠪᠠᠨ ᠬᠡᠳᠤᠳᠠᠢ ᠨᠠᠮ᠎ᠠ ᠶᠢ ᠠᠷᠤ ᠳᠠᠭᠠᠨ ᠡᠭᠦᠷᠴᠦ ᠡᠪᠦᠳᠦᠭ ᠳᠠᠪᠠᠭᠰᠠᠨ‌ᠵᠢᠷᠭᠠᠯ ᠤᠨ ᠭᠤᠤᠯ ᠤᠨ ᠬᠦᠢᠳᠡᠨ ᠤᠰᠤ ᠶᠢ ᠳᠤᠭᠤᠯᠵᠤ ᠳᠤᠮᠳᠠᠳᠤ ᠰᠤᠷᠭᠠᠭᠤᠯᠢ ᠳᠤ ᠭᠦᠷᠭᠡᠵᠤ ᠦᠭᠭᠦᠭᠡᠳ ᠦᠶ᠎ᠡ ᠬᠡᠰᠢᠭᠦᠤ  ᠶᠢᠨ ᠡᠪᠡᠳᠴᠢᠨ ᠢᠶᠠᠨ ᠬᠦᠳᠡᠯᠭᠡᠵᠦ ᠪᠠᠶᠢᠭᠰᠠᠨ ᠤᠴᠢᠷ ᠤᠳ ᠢ ᠪᠢ ᠤᠷᠤᠰᠤᠨ ᠤᠳᠬᠤ ᠭᠤᠤᠯ ᠤᠨ ᠤᠰᠤ ᠶᠢ ᠰᠢᠷᠳᠡᠭᠰᠡᠭᠡᠷ ᠪᠤᠳᠦᠵᠤ ᠵᠤᠭᠰᠤᠯ᠎ᠠ᠃ ᠠᠶᠢᠯ ᠤᠨ ᠡᠪᠦᠭᠡ ᠠᠷᠢᠬᠢᠨ ᠳᠤ ᠬᠠᠯᠠᠰᠤᠭᠰᠠᠨ ᠤ ᠢᠳᠡᠨ ᠳᠤ ᠬᠡᠬᠡᠷ ᠮᠤᠷᠢ  ᠪᠠᠨ ᠳᠠᠰᠢᠭᠤᠷᠳᠠᠨ ᠵᠢᠷᠭᠠᠯ ᠤᠨ ᠭᠤᠤᠯ ᠢ ᠭᠠᠳᠤᠯᠬᠤ ᠳᠠᠭᠠᠨ ᠬᠦᠮᠤᠨ ᠲᠠᠢ ᠮᠤᠷᠢ ᠲᠠᠢ ᠪᠠᠨ ᠤᠰᠤᠨ ᠳᠤ ᠤᠨᠠᠵᠤ᠂ ᠳᠡᠭᠡᠷ᠎ᠡ ᠨᠢ ᠪᠠᠰᠠ ᠬᠠᠰ ᠰᠢᠯᠪᠢ ᠲᠠᠢ ᠲᠠᠮᠠᠬᠢᠨ ᠭᠠᠨᠭ᠍ᠰᠠ ᠪᠠᠨ ᠤᠰᠤᠨ ᠳᠤ ᠤᠨᠠᠭᠠᠭᠰᠠᠨ ᠳᠤ ᠪᠢ ᠡᠷᠢᠵᠤ ᠤᠯᠵᠤ ᠦᠭᠭᠦᠭᠡᠳ ᠬᠡᠳᠤᠨ ᠰᠢᠬᠢᠷ ᠢᠶᠠᠷ ᠱᠠᠩᠨᠠᠭᠳᠠᠵᠤ ᠪᠠᠶᠢᠭᠰᠠᠨ ᠢᠶᠠᠨ ᠪᠤᠳᠤᠵᠤ ᠤᠯᠤᠭᠠᠳ ᠢᠨᠢᠶᠡᠳᠤ ᠴᠤ ᠬᠦᠷᠤᠨ᠎ᠡ᠃ ᠵᠢᠷᠭᠠᠯ ᠤᠨ ᠭᠤᠤᠯ ᠮᠢᠨᠢ᠂ ᠪᠠᠯᠴᠢᠷ ᠪᠠᠭ᠎ᠠ ᠨᠠᠰᠤᠨ ᠤ ᠮᠢᠨᠢ ᠪᠠᠭ᠋ᠠᠳᠤᠯ᠂  ᠭᠤᠮᠣᠳᠠᠯ᠂ ᠪᠤᠷᠤ ᠮᠦᠷ ᠴᠢᠨᠤ ᠬᠡᠪᠡᠯᠢ  ᠳᠤ ᠲᠠᠮᠠᠭᠠᠯᠠᠭᠳᠠᠵᠤ  ᠂ ᠵᠠᠯᠠᠭᠤ ᠢᠳᠡᠷ ᠨᠠᠰᠤᠨ ᠤ ᠪᠤᠳᠤᠯ ᠰᠡᠳᠭᠢᠯ ᠪᠤᠷᠤᠬᠠᠨ ᠬᠠᠶᠢᠷ᠎ᠠ ᠴᠢᠨᠤ ᠤᠰᠤᠨ ᠳᠤ ᠰᠢᠩᠭᠡᠭᠰᠡᠨ ᠪᠢᠯᠡ᠃         ᠲᠦᠭ ᠲᠦᠮᠡᠨ ᠬᠦᠳᠡᠯᠮᠤᠷᠢᠴᠢᠨ ᠠᠷᠠᠳ ᠲᠦᠮᠡᠨ ᠤ ᠬᠦᠴᠦ ᠬᠦᠯᠦᠰᠤ ᠬᠦᠰᠡᠯ ᠵᠤᠷᠢᠭ ᠵᠢᠷᠭᠠᠯ ᠤᠨ ᠭᠤᠤᠯ ᠤᠨ ᠤᠰᠤᠨ ᠳᠤ ᠰᠢᠩᠭᠡᠵᠤ ᠳᠠᠪᠢᠭᠠᠳ ᠵᠢᠯ ᠤᠨ ᠬᠦᠭᠵᠢᠯᠳᠡ ᠬᠤᠪᠢᠷᠠᠯᠳᠠ ᠶᠢᠨ ᠳᠡᠤᠬᠡ ᠵᠢᠷᠭᠠᠯ ᠤᠨ ᠭᠤᠤᠯ ᠤᠨ ᠲᠡᠨᠵᠢᠨ ᠳᠡᠭᠡᠷ᠎ᠡ ᠪᠢᠴᠢᠭᠳᠡᠨ᠎ᠡ᠃ ᠵᠢᠷᠭᠠᠯ ᠤᠨ ᠭᠤᠤᠯ ᠢ ᠮᠢᠩᠭ᠎ᠠ ᠶᠢᠰᠤᠨ ᠵᠠᠭᠤ ᠲᠠᠪᠢᠨ ᠨᠠᠢᠮᠠᠨ ᠤᠨ  ᠤ ᠶᠡᠭᠡ ᠦᠰᠤᠷᠤᠩᠭᠦᠢ ᠳᠠᠪᠰᠢᠯᠳᠠ ᠶᠢᠨ ᠦᠶ᠎ᠡ ᠪᠠᠷ ᠡᠬᠢᠯᠡᠨ ᠮᠠᠯᠳᠠᠵᠤ ᠮᠢᠩᠭ᠎ᠠ ᠶᠢᠰᠤᠨ ᠵᠠᠭᠤ ᠵᠢᠷᠠᠨ ᠤᠨ ᠳᠤ ᠳᠠᠭᠤᠰᠬᠠᠵᠠᠢ᠃ ᠤᠡᠭᠨᠢᠭᠤᠳ ᠬᠤᠰᠢᠭᠤᠨ ᠤ ᠲᠦᠷᠪᠡᠨ ᠰᠤᠮᠤ ᠲᠦᠷᠪᠡᠨ ᠳᠠᠯᠠᠪᠠᠢ ᠶᠢᠨ ᠬᠡᠳᠤᠨ ᠮᠢᠩᠭᠠᠨ ᠮᠠᠯᠴᠢᠨ ᠠᠷᠠᠳ᠂ ᠰᠢᠰᠢ ᠶᠢᠨ ᠭᠤᠯᠢᠷ ᠰᠢᠩᠭᠡᠨ ᠪᠤᠳᠠᠭ᠎ᠠ ᠪᠠᠷ ᠦᠯ ᠬᠤᠭᠤᠯᠠ ᠬᠢᠵᠤ ᠪᠠᠶᠢᠭᠰᠠᠨ ᠴᠦ ᠦᠪᠡᠷ ᠤᠨ ᠬᠦᠴᠤᠨ  ᠳᠤ ᠪᠠᠨ ᠲᠡᠭᠵᠢᠷᠡᠨ᠂ ᠮᠠᠩᠯᠠᠢ ᠳᠤ ᠨᠢ ᠭᠠᠷᠬᠤ ᠪᠠᠷ ᠮᠠᠷᠠᠶᠢᠨ ᠴᠠᠷᠮᠠᠶᠢᠵᠤ᠂ ᠬᠦᠯ ᠭᠠᠷ ᠬᠦᠷᠵᠡ ᠵᠡᠬᠡᠳᠣᠣ ᠳᠤ ᠲᠦᠰᠢᠭᠯᠡᠨ ᠭᠤᠷᠪᠠᠨ ᠵᠢᠯ ᠤᠨ ᠲᠤᠳᠤᠷ᠎ᠠ ᠠᠷᠪᠠᠨ ᠲᠠᠪᠤᠨ ᠮᠧᠲᠷ ᠦᠷᠭᠡᠨ᠂ ᠨᠢᠭᠡ ᠵᠠᠭᠤ ᠨᠠᠶᠠᠨ ᠭᠠᠵᠠᠷ ᠤᠷᠳᠤ ᠰᠤᠪᠠᠭ ᠢ ᠮᠠᠯᠳᠠᠨ᠂ ᠰᠢᠷ᠎ᠠ ᠮᠦᠷᠡᠨ ᠤ ᠤᠰᠤ ᠶᠢ ᠲᠠᠳᠠᠨ ᠤᠷᠤᠭᠤᠯᠵᠠᠢ᠃ ᠲᠡᠭᠡᠭᠡᠳ ᠯᠠ ᠲᠦᠮᠡᠨ ᠤᠨ ᠤ ᠰᠢᠷ᠎ᠠ ᠮᠦᠷᠡᠨ ᠤ ᠲᠤᠭᠰᠢᠨ ᠤᠷᠤᠰᠬᠠᠯ ᠡᠨᠡ ᠭᠤᠤᠯ ᠢᠶᠠᠷ  ᠲᠦᠯᠭᠡᠬᠡᠨ ᠤᠷᠤᠰᠴᠦ᠂ ᠬᠤᠶᠠᠷ ᠬᠦᠪᠡᠭᠡᠨ ᠤ ᠬᠦᠷᠤᠰᠤ ᠰᠢᠷᠤᠢ ᠠᠮᠢᠳᠠᠨ ᠤᠷᠭᠤᠮᠠᠯ ᠢ ᠤᠮᠳᠠᠯᠠᠵᠤ ᠢᠷᠡᠭᠰᠡᠨ ᠵᠤᠮ᠃          ᠲᠠᠪᠢᠭᠠᠳ ᠵᠢᠯ ᠤᠨ ᠡᠮᠤᠨ᠎ᠡ᠂ ᠲᠡᠷᠡᠬᠦ ᠪᠠᠶᠢᠭᠠᠯᠢ ᠶᠢᠨ ᠵᠢᠮ᠎ᠡ᠂ ᠭᠠᠵᠠᠷ ᠤᠨ ᠵᠦᠢ᠂ ᠬᠦᠭᠵᠢᠯᠳᠡ ᠶᠢᠨ ᠶᠤᠰᠤ ᠶᠢ ᠦᠯᠦ ᠬᠠᠶᠢᠬᠤᠷᠤᠨ᠂ ᠡᠪ ᠬᠠᠮᠳᠤ ᠶᠢᠨ ᠶᠤᠰᠤᠨ ᠳᠤ ᠦᠰᠤᠷᠤᠨ ᠤᠷᠤᠬᠤ ᠪᠠᠷ ᠤᠯᠤᠰ ᠭᠦᠷᠤᠨ ᠢᠶᠠᠷ  ᠢᠶᠠᠨ ᠬᠦᠭᠡᠷᠤᠨ ᠬᠦᠭᠰᠡᠵᠤ ᠪᠠᠶᠢᠭᠰᠠᠨ ᠴᠠᠭ ᠲᠤ᠂ ᠶᠠᠮᠠᠷ ᠡᠭᠦᠷᠭᠡ ᠬᠠᠷᠠᠯᠳᠠ᠂ ᠬᠦᠰᠡᠯ ᠵᠤᠷᠢᠯᠳᠠ ᠠᠴᠠ ᠡᠨᠡ ᠭᠤᠤᠯ ᠢ ᠤᠬᠤᠵᠤ ᠮᠠᠯᠳᠠᠭᠰᠠᠨ ᠪᠤᠯ︖ ᠶᠡᠷᠤ ᠨᠢ ᠪᠢ ᠡᠶᠢᠮᠤᠷᠬᠦ ᠠᠰᠠᠭᠤᠳᠠᠯ ᠢ ᠪᠤᠳᠤᠯᠬᠢᠯᠠᠵᠤ ᠶᠠᠪᠤᠳᠠᠭ ᠤᠴᠢᠷ  ᠠᠴᠠ ᠡᠨᠡ ᠭᠤᠤᠯ ᠢ ᠮᠠᠯᠳᠠᠬᠤ ᠳᠤ  ᠪᠡᠶ᠎ᠡ ᠪᠠᠷ ᠢᠶᠠᠨ ᠤᠷᠤᠯᠴᠠᠵᠤ ᠶᠠᠪᠤᠭᠰᠠᠨ ᠠᠵᠢᠯ ᠠᠴᠠ ᠪᠠᠨ ᠠᠮᠠᠷᠠᠭᠰᠠᠨ ᠠᠬᠠᠮᠠᠳ ᠺᠠᠳ᠋ᠷ ᠪᠦᠬᠡᠴᠢᠯᠭᠤ ᠨᠠᠰᠤᠳᠠᠨ ᠠᠴᠠ ᠠᠰᠠᠭᠤᠨ ᠯᠠᠪᠯᠠᠭᠰᠠᠨ ᠳᠤ ᠳᠡᠷᠡ ᠪᠠᠷ ︽ᠭᠤᠤᠯ ᠵᠤᠷᠢᠯᠭ᠎ᠠ ᠨᠢ ᠬᠠᠶᠢᠯᠠᠰᠤ ᠶᠢᠨ ᠠᠭᠤᠯᠠᠨ ᠠᠴᠠ ᠵᠡᠭᠦᠨ ᠡᠮᠤᠨᠡᠰᠢᠬᠢ ᠪᠠᠶᠠᠨᠳᠤᠬᠤᠢ ᠰᠤᠮᠤ ᠬᠦᠷᠳᠡᠯᠡᠬᠢ ᠬᠤᠶᠠᠷ ᠵᠠᠭᠤᠨ ᠭᠠᠵᠠᠷ ᠰᠢᠬᠠᠮ ᠵᠤ ᠭᠠᠵᠠᠷ᠂ ᠡᠩᠬᠦᠯ ᠬᠤᠨᠭ᠍ᠬᠤᠯ ᠬᠤᠵᠢᠷᠳᠤ ᠲᠠᠯ᠎ᠠ ᠶᠢ ᠪᠤᠷᠵᠠᠩᠳᠤ ᠤᠰᠤ ᠪᠠᠷ ᠪᠤᠷᠳᠤᠨ ᠤᠰᠤᠯᠠᠵᠤ᠂ ᠨᠤᠳᠤᠭ ᠪᠡᠯᠴᠢᠭᠡᠷ ᠢᠶᠠᠨ ᠰᠠᠶᠢᠵᠢᠷᠠᠭᠤᠯᠬᠤ ᠶᠢᠨ ᠲᠦᠯᠤᠭᠡ  ᠶᠤᠮ︾ ᠭᠡᠵᠤ ᠶᠠᠷᠢᠵᠤ ᠪᠠᠶᠢᠭᠰᠠᠨ ᠶᠤᠮ᠃  ᠶᠠᠮᠠᠷ ᠶᠡᠭᠡ ᠠᠯᠤᠰ ᠤᠨ ᠪᠤᠳᠤᠯᠭ᠎ᠠ᠂ ᠠᠬᠤᠶᠢᠴᠢ ᠦᠵᠡᠯᠳᠡ ᠲᠠᠢ ᠬᠦᠮᠤᠰ ᠪᠠᠶᠢᠭᠰᠠᠨ ᠪᠤᠢ︕ ᠶᠡᠭᠡ ᠪᠠᠷ ᠦᠰᠦᠷᠤᠩᠭᠦᠢ ᠲᠠᠪᠰᠢᠨ᠎ᠠ ᠭᠡᠵᠤ ᠬᠦᠭᠰᠡᠵᠤ ᠶᠠᠪᠤᠭᠰᠠᠨ ᠤᠯᠠᠩᠬᠢ ᠬᠦᠮᠤᠰ  ︽ᠪᠤᠯᠤᠳ ᠲᠡᠮᠤᠷ ᠬᠠᠶᠢᠯᠠᠭᠤᠯᠤᠨ᠎ᠠ᠂ ᠨᠢᠭᠡ ᠮᠤ᠋ ᠭᠠᠵᠠᠷ ᠠᠴᠠ ᠲᠦᠮᠡᠨ ᠵᠢᠩ ᠠᠮᠤ ᠪᠤᠳᠠᠭ᠎ᠠ ᠬᠤᠷᠢᠶᠠᠨ᠎ᠠ  ︾ ᠭᠡᠵᠤ ᠰᠤᠯᠢᠶᠠᠷᠠᠵᠤ ᠶᠠᠪᠤᠭᠰᠠᠳ᠂ ᠪᠦᠷᠢᠯᠭᠡᠭᠰᠡᠨ ᠤᠴᠢᠷ ᠤᠯᠠᠨ᠂ ᠪᠦᠳᠤᠭᠡᠭᠰᠡᠨ ᠵᠤᠶᠢᠯ ᠮᠠᠰᠢ ᠴᠦᠬᠡᠨ᠃ ᠰᠤᠮᠤ ᠶᠢᠨ ᠬᠤᠷᠠᠯ ᠤᠨ ᠭᠡᠷ ᠢᠶᠠᠨ ᠪᠠᠷᠢᠨ᠎ᠠ ᠭᠡᠳ ᠬᠡᠳᠤᠨ ᠵᠠᠭᠤᠨ ᠵᠢᠯ ᠤᠨ ᠲᠡᠤᠬᠡ ᠲᠠᠢ ᠰᠦᠮ᠎ᠡ ᠬᠡᠶᠢᠳ ᠢ ᠡᠪᠳᠡᠵᠤ ᠲᠤᠭᠤᠰᠬ᠎ᠠ ᠶᠢ ᠨᠢ ᠲᠡᠭᠡᠭᠡᠯ᠎ᠡ᠂ ᠪᠤᠯᠤᠳ ᠲᠡᠮᠤᠷ ᠬᠠᠶᠢᠯᠠᠭᠤᠯᠤᠨ᠎ᠠ ᠭᠡᠳ ᠬᠡᠳᠤᠨ ᠡᠷ᠎ᠡ ᠲᠠᠮᠨᠠᠳᠠᠭ ᠮᠠᠩᠵᠠᠨ ᠲᠤᠭᠤᠭ᠎ᠠ ᠪᠠᠨ  ᠬᠠᠭᠠᠴᠢᠭᠰᠠᠨ ᠭᠡᠨ᠎ᠡ  ᠂ ᠲᠤᠭᠤᠰᠬ᠎ᠠ ᠰᠢᠳᠠᠭᠠᠨ᠎ᠠ ᠭᠡᠳ ᠮᠠᠩᠬᠠᠨ ᠴᠦᠡᠭᠬᠦᠷ᠂ ᠭᠤᠤᠯ ᠤᠨ ᠲᠤᠬᠤᠢ ᠶᠢᠨ ᠬᠠᠷᠭᠠᠨ᠎ᠠ ᠪᠤᠷᠭᠠᠰᠤ ᠪᠠᠨ ᠴᠦᠯᠤᠪ ᠬᠠᠳᠠᠵᠤ ᠪᠠᠷᠠᠭᠠᠪᠠ  ᠂ ᠲᠠᠭᠢᠯᠭ᠎ᠠ ᠰᠢᠳᠤᠯᠭᠡ ᠲᠠᠢ ᠭᠡᠳ ᠪᠤᠯᠠᠭ ᠱᠠᠩᠳᠠ ᠪᠠᠨ ᠪᠤᠯᠠᠵᠤ ᠬᠠᠶᠠᠭᠰᠠᠨ ᠭᠡᠨ᠎ᠡ ᠯᠠᠢ᠃ ᠪᠦᠳᠦᠭᠰᠡᠨ ᠨᠢ ᠬᠡᠳᠦ ᠪᠤᠢ︖ ᠪᠦᠳᠤᠨ ᠬᠡᠪ ᠢᠶᠠᠷ ᠢᠶᠠᠨ ᠦᠯᠡᠳᠡᠭᠰᠡᠨ ᠨᠢ ᠬᠡᠳᠤ ᠪᠠᠶᠢᠬᠤ ᠪᠤᠢ︖ ᠳᠡᠤᠬᠡ ᠬᠡᠷᠡᠴᠢᠯᠡᠨ᠎ᠡ᠂ ᠲᠦᠮᠡᠨ ᠨᠢᠳᠤ ᠲᠠᠢ ᠲᠡᠭᠷᠢ ᠮᠡᠳᠡᠨ᠎ᠡ᠃ ᠲᠡᠭᠡᠬᠦ ᠳᠤ ᠵᠢᠷᠭᠠᠯ ᠤᠨ ᠭᠤᠤᠯ ᠪᠣᠯ ᠲᠡᠷᠡ ᠦᠶ᠎ᠡ ᠶᠢᠨ ᠮᠠᠨ ᠤ ᠨᠤᠳᠤᠭ ᠲᠤ ᠬᠢᠵᠤ ᠪᠦᠲᠦᠭᠡᠭᠰᠡᠨ᠂ ᠦᠯᠡᠳᠡᠵᠤ ᠬᠤᠴᠤᠷᠤᠭᠰᠠᠨ ᠭᠠᠭᠴᠠ ᠵᠤᠶᠢᠯ ᠪᠤᠯᠵᠤ ᠲᠡᠤᠬᠡ ᠪᠤᠯᠵᠤ ᠤᠷᠤᠰᠤᠨ᠎ᠠ᠂ ᠲᠤᠰᠠ ᠬᠢᠵᠤ ᠤᠷᠤᠰᠤᠨ᠎ᠠ᠃         ᠵᠢᠷᠭᠠᠯ ᠤᠨ ᠭᠤᠤᠯ ᠤᠨ ᠬᠦᠪᠡᠭᠡ ᠲᠡᠭᠡᠭᠦᠷ ᠪᠢ ᠤᠷᠤᠰᠬᠠᠯ ᠢ ᠤᠷᠤᠭᠤᠳᠠᠨ ᠠᠭᠠᠵᠢᠮᠬᠠᠨ ᠠᠯᠬᠤᠯᠠᠯ᠎ᠠ᠃ ᠬᠦᠤ ᠶᠢᠨ ᠮᠢᠨᠢ ︽ᠶᠠᠭᠠᠬᠢᠭᠠᠳ ᠵᠢᠷᠭᠠᠯ ᠤᠨ ᠭᠤᠤᠯ ᠭᠡᠵᠤ ᠲᠠᠭᠤᠳᠠᠭᠰᠠᠨ ᠪᠤᠢ︖︾ ᠭᠡᠵᠤ ᠠᠰᠠᠭᠤᠭᠰᠠᠨ ᠦᠭᠡ  ᠪᠤᠳᠤᠭᠳᠠᠵᠤ᠂ ᠡᠨᠡ ᠲᠤᠬᠠᠢ ᠤᠯᠠᠨ ᠵᠤᠶᠢᠯ ᠢ ᠪᠤᠳᠤᠭᠳᠤᠭᠤᠯᠤᠯ᠎ᠠ᠃ ᠮᠦᠷᠦ ᠨᠢᠴᠦᠬᠦᠨ ᠭᠡᠳᠡᠰᠦ ᠦᠯᠤᠰᠭᠦᠯᠡᠩ ᠢᠶᠠᠷ ᠡᠪ ᠬᠠᠮᠳᠦ ᠶᠢᠨ ᠨᠡᠶᠢᠭᠡᠮ ᠳᠤ ᠤᠷᠤᠨ᠎ᠠ ᠭᠡᠵᠤ ᠮᠠᠷᠠᠶᠢᠨ ᠴᠢᠷᠮᠠᠶᠢᠨ ᠬᠦᠭᠡᠷᠤᠨ ᠬᠦᠭᠰᠡᠵᠤ᠂ ᠶᠠᠳᠠᠭᠤ ᠬᠤᠭᠤᠰᠤᠨ ᠢᠶᠠᠷ ᠠᠮᠢᠳᠤᠷᠠᠨ ᠠᠵᠢᠯᠯᠠᠨ᠂ ᠬᠡᠳᠦᠢ ᠶᠠᠳᠠᠭᠤ ᠪᠣᠯ ᠲᠡᠳᠦᠢ ᠦᠡᠭᠭᠡ ᠭᠡᠷᠡᠯᠳᠠᠢ ᠭᠡᠵᠤ ᠦᠵᠡᠵᠤ ᠳᠠᠨᠢᠵᠤ ᠪᠠᠶᠢᠭᠰᠠᠨ ᠲᠡᠷᠡ ᠦᠶ᠎ᠡ ᠳᠤ᠂ ᠡᠨᠡ ᠨᠤᠳᠤᠭ ᠤᠨ ᠠᠬᠠᠮᠠᠳ ᠪᠤᠭᠤᠷᠤᠯᠴᠤᠳ ︵ᠲᠡᠷᠡ ᠦᠶ᠎ᠡ  ᠳᠤ ᠵᠠᠯᠠᠭᠤ ᠴᠦ ᠪᠠᠶᠢᠯ᠎ᠠ᠂ ᠮᠢᠨᠤ ᠡᠵᠢ ᠰᠠᠶ᠋ᠢ ᠭᠤᠴᠢᠭᠠᠳ ᠨᠠᠰᠤᠳᠠᠢ ᠪᠠᠶᠢᠯ᠎ᠠ ᠭᠡᠰᠡᠨ︶ ᠵᠢᠩᠬᠢᠨᠢ ᠵᠤᠯ ᠵᠢᠷᠭᠠᠯ ᠤᠨ ᠲᠤᠬᠠᠢ ᠶᠠᠮᠠᠷ ᠤᠶᠢᠯᠠᠭᠠᠯᠳᠠ ᠲᠦᠷᠦᠭᠳᠡᠯ ᠲᠠᠢ ᠪᠠᠶᠢᠭᠰᠠᠨ ᠪᠤᠯ︖ ᠵᠤᠯ ᠵᠢᠷᠭᠠᠯ ᠢ ᠦᠵᠡᠯ ᠪᠤᠳᠤᠯ ᠤᠨ ᠨᠢᠭᠤᠴᠠᠬᠠᠨ ᠳᠠᠭᠠᠨ ᠶᠠᠮᠠᠷ ᠵᠡᠷᠭᠡ ᠬᠦᠰᠡᠨ ᠡᠷᠡᠮᠡᠯᠵᠠᠯᠵᠣ ᠪᠠᠶᠢᠭᠰᠠᠨ ᠪᠤᠯ︖ ᠲᠡᠳᠡ ᠨᠠᠷ ᠦᠪᠡᠷ ᠤᠨ ᠬᠦᠴᠦ ᠬᠦᠯᠤᠰᠤ᠂ ᠬᠦᠴᠢᠷ ᠵᠤᠪᠡᠭᠤᠷᠢ᠂ ᠡᠷᠴᠢ ᠵᠤᠷᠢᠭ ᠢᠶᠠᠷ ᠢᠶᠠᠨ ᠤᠬᠤᠵᠤ ᠮᠠᠯᠳᠠᠭᠰᠠᠨ ᠡᠨᠡᠬᠦ ᠭᠤᠤᠯ ᠳᠠᠭᠠᠨ ᠴᠠᠭ ᠤᠨ ᠦᠡᠭᠭᠡ ᠠᠶᠠᠰ ᠢ ᠲᠠᠭᠠᠭᠰᠠᠨ ᠬᠤᠪᠢᠰᠬᠠᠯᠳᠤ ᠳᠠᠭᠤᠳᠠᠯᠭ᠎ᠠ ᠤᠯᠠᠭᠠᠨ ᠨᠡᠷ᠎ᠡ ᠦᠭᠭᠦᠭᠡ ᠦᠭᠡᠢ᠂ ᠬᠠᠷᠢᠨ ᠬᠦᠰᠡᠯ ᠪᠤᠳᠤᠯ ᠢᠶᠠᠨ ᠰᠢᠩᠬᠡᠬᠡᠭᠰᠡᠨ ᠲᠠᠭᠤᠳᠠᠬᠤ ᠳᠤ ᠠᠶᠠᠳᠠᠢ᠂ ᠰᠤᠨᠤᠰᠬᠤ ᠳᠤ ᠲᠤᠯᠠᠭᠠᠬᠠᠨ ᠨᠡᠷ᠎ᠡ ᠬᠠᠶᠢᠷᠠᠯᠠᠵᠠᠢ᠃         ᠦᠨᠦ ᠵᠢᠯ ᠨᠠᠶᠠᠨ ᠲᠠᠪᠤᠳᠠᠢ ᠪᠠᠶᠠᠨᠰᠠᠩ ᠨᠠᠰᠤᠳᠠᠨ ᠪᠣᠯ ᠵᠢᠷᠭᠠᠯ ᠤᠨ ᠭᠤᠤᠯ ᠤᠨ ᠬᠦᠪᠡᠭᠡ ᠪᠠᠷ ᠲᠦᠴᠢᠨ ᠵᠢᠯ ᠦᠭᠰᠤᠨ ᠤᠷᠤᠭᠤᠳᠠᠵᠤ ᠠᠵᠢᠯᠯᠠᠵᠤ ᠶᠠᠪᠤᠭᠰᠠᠨ ᠤᠰᠤᠨ ᠠᠰᠢᠭᠯᠠᠯᠳᠠ ᠶᠢᠨ ᠪᠠᠶᠢᠭᠤᠯᠤᠯᠳᠠ ᠤᠨ ᠮᠡᠷᠭᠡᠵᠢᠯᠳᠡᠨ ᠪᠦᠭᠡᠳ ᠵᠢᠳᠬᠦᠯᠳᠡᠨ ᠳᠤ ᠲᠤᠭᠠᠴᠠᠭᠳᠠᠬᠤ ᠬᠦᠮᠦᠨ ᠶᠤᠮ᠃ ᠮᠤᠩᠭᠤᠯᠵᠢᠨ ᠨᠤᠳᠤᠭ ᠲᠤ ᠲᠦᠷᠤᠵᠤ ᠦᠰᠦᠭᠰᠡᠨ ᠲᠡᠷᠡ ᠬᠤᠷᠢᠨ ᠨᠢᠭᠡᠳᠠᠢ ᠳᠤ ᠪᠠᠨ ᠤᠡᠭᠨᠢᠭᠤᠳ ᠬᠤᠰᠢᠭᠤᠨ ᠳᠤ ᠢᠷᠡᠵᠤ 1957 ᠤᠨ ᠠᠴᠠ ᠡᠬᠢᠯᠡᠨ ᠵᠢᠷᠭᠠᠯ ᠤᠨ ᠭᠤᠤᠯ ᠤᠨ ᠵᠠᠮ ᠱᠣᠭᠤᠮ ᠢ ᠬᠡᠮᠵᠢᠨ ᠵᠢᠷᠣᠭᠯᠠᠬᠤ᠂ ᠤᠬᠤᠵᠤ ᠮᠠᠯᠳᠠᠬᠤ᠂ ᠬᠤᠶᠠᠷ ᠬᠦᠪᠡᠭᠡᠨ ᠤ ᠤᠰᠤᠯᠠᠵᠤ ᠤᠶᠢᠵᠢᠭᠤᠯᠬᠤ ᠠᠵᠢᠯ ᠤᠳ ᠢ ᠪᠡᠶᠡᠳᠡᠨ ᠳᠠᠭᠠᠭᠤᠯᠵᠤ ᠬᠢᠵᠤ ᠶᠠᠪᠤᠵᠠᠢ᠃ ᠬᠡᠳᠤᠨ ᠵᠢᠯ ᠤᠨ ᠡᠮᠤᠨ᠎ᠡ᠂ ᠪᠢ ᠨᠠᠰᠤᠳᠠᠨ ᠢ ᠰᠤᠷᠪᠤᠯᠵᠢᠯᠠᠬᠤ   ᠳᠠᠭᠠᠨ ᠵᠢᠷᠭᠠᠯ ᠤᠨ ᠭᠤᠤᠯ ᠤᠨ ᠲᠤᠬᠠᠢ ᠲᠤᠷᠠᠳᠬᠤ ᠳᠤ ᠯᠠ ᠨᠠᠰᠤᠳᠠᠨ ᠤᠷᠮ᠎ᠠ ᠰᠡᠷᠭᠦᠨ ᠵᠤᠭᠤᠭ ᠳᠡᠯᠭᠡᠵᠤ ᠢᠡᠭᠬᠢᠵᠤ ᠬᠡᠯᠡᠪᠡ  ᠄       — ᠵᠢᠷᠭᠠᠯ ᠤᠨ ᠭᠤᠤᠯ ᠢ ᠬᠡᠳᠤᠨ ᠮᠠᠯᠵᠢᠬᠤ ᠰᠤᠮᠤᠨ ᠤ ᠮᠠᠯᠴᠢᠨ ᠲᠦᠮᠡᠨ ᠰᠠᠶᠢᠨ ᠲᠤᠷ᠎ᠠ ᠠᠴᠠ ᠪᠠᠨ ᠮᠠᠯᠳᠠᠭᠰᠠᠨ ᠶᠤᠮ᠂ ᠤᠯᠤᠰ ᠠᠴᠠ ᠨᠢᠭᠡ  ᠮᠦᠩᠬᠦ ᠴᠦ ᠠᠪᠤᠭᠰᠠᠨ ᠦᠭᠡᠢ᠃ ᠲᠡᠷᠡ ᠦᠶ᠎ᠡ   ᠶᠢᠨ ᠤᠯᠤᠰ ︿ᠬᠦᠮᠦᠰ﹀ ᠬᠠᠯᠠᠭᠤᠨ ᠵᠤᠷᠢᠭ ᠲᠠᠢ᠂ ᠶᠠᠮᠠᠷ ᠴᠦ ᠬᠦᠴᠢᠷ ᠠᠴᠠ ᠬᠠᠯᠠᠰᠢᠷᠠᠬᠤ ᠦᠭᠡᠢ᠂ ᠠᠵᠢᠯ ᠤᠨ ᠵᠠᠪᠰᠠᠷ ᠲᠠᠭᠤᠤ  ᠪᠠᠨ ᠲᠠᠭᠤᠯᠠᠴᠢᠬᠠᠨ᠎ᠠ᠂ ᠪᠦᠬᠡ ᠪᠠᠷᠢᠯᠳᠤᠨ᠎ᠠ᠂ ᠴᠤᠬᠤᠮ ᠴᠦ ᠪᠠᠶᠠᠷ ᠬᠦᠷ ᠲᠠᠢ ᠠᠵᠢᠯᠯᠠᠵᠤ ᠪᠠᠶᠢᠯ᠎ᠠ ᠳ᠋ᠠ ᠭᠡᠪᠡ᠃     ᠨᠠᠰᠤᠳᠠᠨ ᠢᠡᠭᠬᠢᠵᠤ ᠬᠡᠯᠡᠭᠡᠳ ᠢᠨᠢᠶᠡᠵᠤ ᠪᠠᠶᠢᠭᠰᠠᠨ ᠪᠤᠯᠪᠠᠴᠤ ᠨᠢᠳᠤᠨ ᠳᠤ ᠨᠢ ᠨᠢᠯᠪᠤᠰᠤ ᠭᠦᠶᠤᠯᠭᠡᠨᠡᠵᠤ ᠪᠠᠶᠢᠯ᠎ᠠ᠃ ᠵᠠᠯᠭᠠᠭᠠᠳ ᠪᠢ ᠵᠢᠷᠭᠠᠯ ᠤᠨ ᠭᠤᠤᠯ ᠭᠡᠳᠡᠭ ᠨᠡᠷ᠎ᠡ ᠶᠢᠨ ᠲᠤᠬᠠᠢ ᠤᠬᠤᠴᠢᠯᠠᠨ ᠠᠰᠠᠭᠤᠭᠰᠠᠨ ᠳᠤ ᠨᠡᠩ ᠴᠦ ᠬᠦᠭᠰᠡᠨ᠂ ᠶᠠᠭ ᠯᠠ ᠲᠡᠷᠡ ᠦᠶ᠎ᠡ ᠲᠡᠷᠡ ᠭᠠᠵᠠᠷ ᠲᠤ ᠪᠠᠨ ᠪᠤᠴᠠᠴᠢᠬᠠᠭᠰᠠᠨ ᠮᠡᠳᠤ ᠪᠤᠯᠤᠭᠠᠳ᠄      —  1960 ᠤᠨ ᠤ ᠵᠤᠨ ᠤ ᠨᠢᠭᠡ ᠡᠳᠤᠷ ᠪᠠᠶᠢᠭᠰᠠᠨ ᠳ᠋ᠠ᠂ ᠪᠤᠷᠤᠭᠠᠨ ᠤᠷᠤᠭᠰᠠᠨ ᠠᠴᠠ ᠤᠯᠠᠨ ᠢᠶᠠᠷ  ᠢᠶᠠᠨ ᠮᠠᠶᠢᠬᠠᠨ ᠳᠠᠭᠠᠨ ᠴᠤᠭᠯᠠᠷᠠᠪᠠ᠃ ᠳᠤᠬᠠᠢ ᠶᠢᠨ ᠦᠶ᠎ᠡ ᠳᠤ ᠬᠤᠰᠢᠭᠤᠨ ᠤ ᠮᠠᠯ ᠠᠵᠤ ᠠᠬᠤᠢ ᠶᠢᠨ ᠬᠠᠮᠢᠶᠠᠳᠠᠢ ᠠᠵᠢᠯ ᠢ ᠬᠠᠮᠢᠶᠠᠷᠴᠦ ᠪᠠᠶᠢᠭᠰᠠᠨ ᠨᠢᠭᠡ ᠮᠤᠩᠭᠤᠯ ᠳᠠᠷᠤᠭ᠎ᠠ ᠠᠴᠠ ︽ᠡᠨᠡ ᠭᠤᠤᠯ ᠳᠠᠭᠠᠨ ᠶᠠᠮᠠᠷ ᠨᠡᠷ᠎ᠡ ᠦᠭᠪᠡᠯ ᠵᠤᠬᠢᠬᠤ ᠪᠤᠢ︖︾ ᠭᠡᠵᠤ ᠤᠯᠠᠨ ᠲᠠᠢ ᠵᠦᠪᠯᠡᠨ ᠠᠰᠠᠭᠤᠭᠰᠠᠨ ᠳᠤ ᠪᠢ ᠵᠠᠪᠳᠤᠨ ︿ᠵᠢᠷᠭᠠᠯ ᠤᠨ ᠭᠤᠤᠯ﹀ ᠭᠡᠵᠤ ᠲᠠᠭᠤᠳᠠᠶ᠎ᠠ︕ ᠤᠯᠠᠨ ᠢᠶᠠᠷ ᠢᠶᠠᠨ ᠬᠦᠴᠢᠷ ᠢ ᠢᠯᠠᠨ  ᠴᠢᠷᠮᠠᠶᠢᠵᠣ ᠠᠵᠢᠯᠯᠠᠵᠤ ᠪᠠᠶᠢᠭ᠎ᠠ ᠨᠢ ᠪᠦᠷ ᠦᠪᠡᠷ ᠤᠨ ᠬᠦᠴᠦ ᠪᠠᠷ ᠢᠶᠠᠨ ᠳᠡᠭᠵᠢᠷᠡᠨ᠂ ᠵᠢᠷᠭᠠᠯ ᠲᠠᠢ ᠠᠮᠢᠳᠤᠷᠠᠬᠤ ᠶᠢᠨ ᠲᠦᠯᠤᠭᠡ ᠶᠤᠮ᠃ ᠪᠢᠳᠡ ᠵᠢᠷᠭᠠᠯ ᠤᠨ ᠭᠤᠤᠯ  ᠢᠶᠠᠷ ᠢᠶᠠᠨ ᠪᠡᠯᠴᠢᠭᠡᠷ ᠢᠶᠠᠨ ᠤᠰᠤᠯᠠᠨ᠎ᠠ᠂ ᠳᠠᠯ᠎ᠠ ᠪᠠᠨ ᠪᠤᠷᠳᠤᠨ᠎ᠠ᠂ ᠮᠠᠯ ᠢᠶᠠᠨ ᠦᠰᠭᠡᠨ᠎ᠡ ᠭᠡᠵᠤ ᠬᠡᠯᠡᠪᠡ ᠭᠡᠪᠡ᠃ ᠪᠠᠶᠠᠨᠰᠠᠩ ᠨᠠᠰᠤᠳᠠᠨ ᠤ ᠢᠡᠭᠬᠢᠵᠤ ᠶᠠᠷᠢᠬᠤ ᠦᠶ᠎ᠡ ᠶᠢᠨ ᠢᠨᠢᠶᠡᠮᠰᠦᠭ ᠴᠠᠷᠠᠢ ᠬᠠᠨᠣᠮᠰᠤᠭ ᠲᠦᠷᠢ ᠶᠢ ᠠᠵᠢᠭᠯᠠᠬᠤ  ᠳᠤ ᠶᠠᠭ ᠰᠠᠶ᠋ᠢ ᠮᠡᠨᠳᠦᠯᠡᠭᠰᠡᠨ ᠬᠡᠤᠬᠡᠳ ᠲᠤ ᠪᠠᠨ ᠨᠢᠭᠡ ᠰᠠᠶᠢᠬᠠᠨ ᠨᠡᠷ᠎ᠡ ᠬᠠᠶᠢᠷᠠᠯᠠᠭᠰᠠᠨ ᠰᠢᠭ᠋ ᠪᠠᠶᠠᠷᠳᠠᠢ ᠬᠠᠷᠠᠭᠳᠠᠨ᠎ᠠ᠃  ᠪᠢ᠂ ᠪᠠᠶᠠᠨᠰᠠᠩ ᠨᠠᠰᠦᠳᠠᠨ ᠢ ᠳᠠᠭᠠᠵᠤ᠂ ᠬᠠᠶᠢᠯᠠᠰᠤ ᠶᠢᠨ ᠠᠭᠤᠯᠠᠨ ᠤ ᠪᠠᠷᠠᠭᠤᠨ ᠰᠤᠭᠤ ᠳᠤ ᠪᠠᠶᠢᠭ᠎ᠠ ᠨᠢᠭᠡ ᠬᠠᠭᠤᠴᠢᠨ ᠴᠢᠯᠠᠭᠤᠨ ᠬᠦᠬᠦᠷᠭᠡ ᠶᠢᠨ ᠵᠠᠬ᠎ᠠ ᠳᠤ ᠬᠦᠷᠴᠦ ᠢᠷᠡᠪᠡ᠃ ᠯᠠᠪᠯᠠᠨ ᠠᠵᠢᠭᠯᠠᠬᠤ ᠳᠤ ᠡᠩᠭᠡᠷ ᠲᠠᠯ᠎ᠠ ᠳᠤ ᠨᠢ ︽ᠵᠢᠷᠭᠠᠯ ᠤᠨ ᠭᠤᠤᠯ︾ ᠭᠡᠰᠡᠨ ᠤᠯᠠᠭᠠᠨ ᠦᠰᠦᠭ ᠪᠠᠯᠠᠷᠬᠠᠢ ᠰᠢᠭ᠋ ᠳᠠᠨᠢᠭᠳᠠᠵᠤ ᠪᠠᠶᠢᠯ᠎ᠠ᠃ ᠪᠠᠶᠠᠨᠰᠠᠩ ᠨᠠᠰᠦᠳᠠᠨ᠄ ︽ᠡᠨᠡ ᠬᠦᠭᠦᠷᠭᠡ ᠪᠤᠯ ᠵᠢᠷᠭᠠᠯ ᠤᠨ ᠭᠤᠤᠯ ᠤᠨ ᠰᠢᠷ᠎ᠠ ᠮᠦᠷᠡᠨ ᠠᠴᠠ ᠤᠰᠤ ᠠᠪᠤᠭᠰᠠᠨ ᠬᠤᠶᠠᠳᠤᠭᠠᠷ ᠡᠬᠢ ᠮᠦᠨ᠃ ᠬᠠᠮᠤᠭ ᠲᠦᠷᠦᠬᠦᠨ ᠤ ᠡᠬᠢ ᠨᠢ ᠠᠷᠪᠠᠭᠠᠳ ᠭᠠᠵᠠᠷ ᠤᠨ ᠵᠠᠶᠢᠳᠠᠢ ᠪᠠᠶᠢᠭ᠎ᠠ ᠤᠡᠭᠨᠢᠭᠤᠳ ᠬᠠᠯᠵᠠᠨ ᠠᠭᠤᠯᠠᠨ ᠤ ᠵᠡᠭᠦᠨ ᠪᠡᠶ᠎ᠡ ᠳᠤ ᠪᠠᠶᠢᠭᠰᠠᠨ ᠶᠤᠮ︾ ᠭᠡᠵᠤ ᠪᠠᠷᠠᠭᠤᠨᠰᠢ ᠵᠢᠭᠠᠨ ᠬᠡᠯᠡᠭᠡᠳ ᠳᠤᠭᠤᠢ ᠪᠠᠶᠢᠭᠰᠠᠨ ᠢᠶᠠᠨ ᠳᠤᠭᠤᠭᠰᠢ ᠪᠠᠭᠤᠨ᠂ ᠬᠦᠭᠦᠷᠭᠡᠨ ᠳᠤᠤᠷ᠎ᠠ ᠠᠴᠠ ᠰᠢᠪᠡᠷᠡᠨ ᠭᠠᠷᠤᠭ᠎ᠠ ᠴᠡᠪᠡᠷ ᠲᠤᠩᠭᠠᠯᠠᠭ ᠤᠰᠤᠨ ᠳᠤ ᠭᠠᠷ ᠢᠶᠠᠨ ᠤᠭᠢᠶᠠᠨ ᠨᠢᠭᠤᠷ ᠢᠶᠠᠨ ᠵᠦᠯᠭᠦᠭᠡᠳ ᠤᠷᠤᠰᠬᠠᠯ ᠲᠠᠭᠠᠨ ᠠᠯᠬᠤᠪᠠ  ᠁          ᠪᠠᠶᠠᠨᠰᠠᠩ ᠨᠠᠰᠤᠳᠠᠨ ᠤᠳᠤ ᠠᠷᠤ ᠭᠡᠷ ᠲᠡᠭᠡᠨ ᠤᠷᠳᠤ ᠨᠠᠰᠤᠯᠠᠵᠤ ᠤᠳᠠᠭᠠᠨ ᠵᠢᠷᠭᠠᠵᠤ ᠰᠠᠭᠤᠨ᠎ᠠ᠃ ᠪᠢᠳᠡ ᠨᠠᠰᠤᠳᠠᠨ ᠲᠠᠢ ᠴᠤᠭ ᠭᠡᠷ ᠲᠤ ᠨᠢ ᠬᠦᠷᠬᠦ ᠳᠤ ᠲᠡᠷᠡ ᠤᠨᠴᠠᠭᠠᠶᠢᠯᠠᠨ ᠲᠦᠷᠪᠡᠨ ᠤᠳᠠᠰᠤᠲᠤ ᠬᠤᠭᠤᠷ ᠢᠶᠠᠨ ᠲᠠᠳᠠᠨ ᠵᠢᠷᠭᠠᠯ ᠤᠨ ᠭᠤᠤᠯ ᠢᠶᠠᠨ ᠮᠠᠭᠳᠠᠭᠰᠠᠨ ᠬᠤᠯᠪᠤᠭ᠎ᠠ ᠪᠠᠨ ᠬᠡᠯᠡᠵᠤ ᠮᠠᠨ ᠳᠤ ᠰᠤᠨᠤᠰᠬᠠᠵᠤ ᠭᠠᠷᠤᠯ᠎ᠠ᠃ ᠨᠠᠰᠣᠳᠠᠨ ᠤ ᠡᠷᠡᠭᠦᠯ ᠲᠡᠩᠬᠡᠯᠡᠭᠦᠨ ᠪᠡᠶ᠎ᠡ ᠪᠠᠶᠢᠳᠠᠯ᠂ ᠪᠠᠶᠠᠷ ᠬᠦᠷ᠂ ᠱᠤᠭ ᠶᠦᠮᠦᠷᠯᠢᠭ ᠦᠭᠡ ᠶᠠᠷᠢᠶ᠎ᠠ ᠠᠴᠠ ᠳᠡᠭᠦᠨ  ᠤ ᠦᠳᠡᠯᠤᠭᠡ ᠨᠠᠰᠤ ᠪᠠᠨ ᠵᠤᠯ ᠵᠢᠷᠭᠠᠯ ᠲᠤ ᠦᠩᠬᠡᠷᠡᠬᠡᠵᠣ ᠪᠠᠶᠢᠬᠤ ᠶᠢ ᠦᠵᠡᠵᠤ ᠭᠠᠷᠤᠨ᠎ᠠ᠃ ᠲᠡᠭᠦᠨ ᠤ ᠭᠤᠴᠢᠭᠠᠳ ᠵᠢᠯ ᠵᠢᠳᠭᠦᠵᠤ ᠴᠢᠷᠮᠠᠶᠢᠵᠤ ᠶᠠᠪᠤᠭᠰᠠᠨ ᠠᠵᠢᠯ ᠢ ᠨᠢ ᠲᠦᠷᠪᠡᠳᠤᠭᠡᠷ ᠬᠦᠪᠡᠬᠦᠨ ᠱᠤᠸᠠᠩ ᠴᠢᠤᠸᠠᠨ ᠨᠢ ᠵᠠᠯᠠᠭᠠᠮᠵᠢᠯᠠᠨ ᠬᠢᠵᠤ ᠤᠳᠤ ᠵᠢᠷᠭᠠᠯ ᠤᠨ ᠭᠤᠤᠯ ᠤᠨ ᠤᠰᠤᠯᠠᠯᠳᠠ ᠶᠢᠨ ᠤᠷᠤᠨ ᠤ ᠬᠠᠮᠢᠶᠠᠷᠤᠯᠳᠠ ᠶᠢᠨ ᠦᠷᠳᠡᠭᠡᠨ  ᠤ ᠳᠠᠷᠤᠭ᠎ᠠ ᠪᠠᠷ ᠠᠵᠢᠯᠯᠠᠵᠤ ᠪᠠᠶᠢᠨ᠎ᠠ᠃       ᠦᠨᠦ ᠵᠢᠯ ᠨᠠᠶᠠᠨ ᠨᠠᠢᠮᠠᠳᠠᠢ ᠮᠢᠨᠤ ᠡᠵᠢ ᠮᠢᠩᠭ᠎ᠠ ᠶᠢᠰᠤᠨ ᠵᠠᠭᠤ ᠳᠠᠪᠢ ᠶᠢᠰᠦ ᠵᠢᠷᠠᠨ ᠤᠨ ᠤ ᠬᠤᠶᠠᠷ ᠵᠢᠯ  ᠳᠤ ᠭᠤᠷᠪᠠ ᠲᠦᠷᠪᠡᠬᠡᠨ ᠨᠠᠰᠤᠳᠠᠢ ᠪᠠᠶᠢᠭᠰᠠᠨ ᠡᠭᠡᠴᠢ ᠶᠢ ᠡᠭᠦᠷᠴᠦ ᠪᠠᠶᠢᠭᠠᠳ ᠵᠢᠷᠭᠠᠯ ᠤᠨ ᠭᠤᠤᠯ ᠢ ᠮᠠᠯᠳᠠᠬᠤ ᠬᠦᠳᠡᠯᠮᠦᠷᠢ ᠳᠤ ᠤᠷᠤᠯᠴᠠᠯ᠎ᠠ ᠭᠡᠳᠡᠭ᠃ ᠲᠡᠷᠡ ᠦᠶ᠎ᠡ ᠳᠤ ᠡᠵᠢ ᠬᠦᠳᠡᠯᠮᠤᠷᠢᠯᠡᠬᠦ ᠪᠠᠷ ᠶᠠᠪᠤᠪᠠᠯ ᠡᠭᠡᠴᠢ ᠮᠢᠨᠢ ᠬᠤᠨᠤᠬᠤ ᠮᠠᠶᠢᠬᠠᠨ ᠤ ᠪᠠᠨ ᠬᠠᠪᠢ ᠪᠠᠷ ᠮᠦᠯᠬᠦᠨ ᠮᠠᠭᠠᠵᠢᠨ ᠪᠠᠶᠢᠵᠤ᠂ ᠬᠡᠭᠡᠷ᠎ᠡ ᠶᠢᠨ ᠮᠠᠩᠭᠢᠷ ᠭᠤᠭᠤᠳ ᠢ ᠠᠳᠬᠤ ᠠᠳᠬᠤ ᠪᠠᠷ ᠳᠡᠭᠦᠵᠤ᠂ ᠡᠵᠢ ᠳᠤ ᠴᠠᠭ ᠤᠨ ᠬᠤᠭᠤᠯᠠᠨ ᠤ ᠵᠠᠭᠤᠰᠢ ᠪᠤᠯᠭᠠᠨ ᠦᠭᠳᠡᠭ ᠭᠡᠨ᠎ᠡ᠃ ᠳᠡᠭᠡᠭᠡᠳ ᠯᠠ ᠡᠵᠢ ᠮᠢᠨᠢ ᠡᠭᠡᠴᠢ ᠶᠢ ︽ᠡᠷᠳᠡ ᠤᠬᠠᠭᠠᠨ ᠤᠷᠤᠵᠤ᠂ ᠲᠤᠰᠠ ᠬᠢᠭᠰᠡᠨ ᠬᠡᠤᠬᠡᠳ ᠶᠤᠮ︾ ᠭᠡᠵᠤ ᠮᠠᠭᠳᠠᠨ ᠬᠡᠯᠡᠳᠡᠭ ᠪᠠᠶᠢᠭᠰᠠᠨ᠃ ᠡᠳᠡᠭᠡᠷ ᠦᠡᠭᠭᠡᠷᠡᠭᠰᠡᠨ ᠤᠴᠢᠷ ᠤᠳ ᠺᠢᠨᠤ᠋ ᠵᠢᠷᠤᠭ ᠰᠢᠭ᠋ ᠮᠢᠨᠤ ᠲᠠᠷᠢᠬᠢᠨ ᠳᠤ ᠤᠷᠤᠵᠤ ᠢᠷᠡᠬᠦ ᠳᠤ ᠪᠢ ᠡᠷᠬᠡ ᠦᠭᠡᠢ ᠯᠠ ᠵᠢᠷᠭᠠᠯ ᠤᠨ ᠭᠤᠤᠯ ᠢ ᠤᠬᠤᠵᠤ ᠮᠠᠯᠳᠠᠬᠤ ᠪᠠᠷ ᠪᠤᠳᠤᠯᠭ᠎ᠠ ᠰᠡᠶᠢᠳᠪᠦᠷᠢ ᠭᠠᠷᠭᠠᠭᠰᠠᠨ᠂ ᠨᠠᠷ᠎ᠡ ᠦᠭᠴᠦ ᠬᠠᠶᠢᠷᠠᠯᠠᠭᠰᠠᠨ ᠠᠵᠢᠯᠴᠢ ᠬᠦᠳᠡᠯᠮᠦᠷᠢᠴᠢ ᠰᠡᠴᠡᠨ ᠮᠡᠷᠭᠡᠨ ᠬᠦᠮᠦᠰ ᠲᠡᠭᠡᠨ ᠬᠦᠰᠢᠶ᠎ᠡ ᠪᠤᠰᠬᠠᠨ ᠲᠤᠷᠠᠰᠬᠠᠨ ᠲᠡᠮᠳᠡᠭᠯᠡᠪᠡᠯ ᠲᠠᠭᠠᠷᠠᠨ᠎ᠠ᠂ ᠬᠤᠰᠢᠭᠤ ᠨᠤᠳᠤᠭ ᠤᠨ ᠤᠶᠢᠯᠭ᠎ᠠ ᠲᠡᠤᠬᠡ ᠳᠤ ᠬᠦᠨᠲᠦᠲᠡᠶᠢᠬᠡᠨ ᠲᠡᠮᠳᠡᠭᠯᠡᠵᠤ ᠲᠠᠯᠪᠢᠪᠠᠯ ᠵᠤᠬᠢᠬᠤ ᠶᠤᠮ ᠭᠡᠵᠤ ᠪᠤᠳᠤᠵᠤ ᠭᠠᠷᠤᠯ᠎ᠠ᠃            ᠡᠨᠡᠷᠢᠯᠳᠤ ᠡᠵᠢ ᠶᠢᠨ ᠢᠨᠢᠶᠡᠮᠰᠦᠭ ᠴᠢᠷᠠᠢ        ᠦᠶᠡᠯᠵᠡᠬᠦ ᠤᠷᠤᠰᠬᠠᠯ ᠳᠤ ᠨᠢ ᠰᠢᠩᠭᠡᠭᠡᠰᠤᠳᠠᠢ                                                    ᠢᠷᠦᠭᠡᠯᠴᠢ ᠠᠪᠤ ᠶᠢᠨ ᠬᠠᠶᠢᠷᠠᠯᠠᠭᠰᠠᠨ ᠨᠡᠷ᠎ᠡ            ᠦᠶ᠎ᠡ ᠶᠢᠨ ᠦᠶ᠎ᠡ ᠳᠡᠭᠡᠨ ᠳᠠᠭᠤᠷᠢᠰᠤᠯ ᠲᠠᠢ            ᠰᠠᠷᠠᠭᠤᠯ ᠤᠬᠠᠭᠠᠨ ᠤ ᠬᠦᠰᠡᠯ ᠪᠤᠯᠤᠭᠰᠠᠨ          ᠴᠢᠩ ᠬᠠᠶᠢᠷ᠎ᠠ ᠶᠢᠨ ᠵᠢᠷᠭᠠᠯ ᠤᠨ ᠭᠤᠤᠯ ᠡ          ᠰᠢᠷ᠎ᠠ ᠮᠦᠷᠡᠨ ᠤ ᠰᠢᠮᠡᠳᠤ ᠤᠷᠤᠰᠬᠠᠯ            ᠰᠠᠶᠢᠬᠠᠨ ᠳᠠᠯ᠎ᠠ ᠶᠢᠨ ᠲᠤᠷᠭᠠᠨ ᠪᠦᠰᠡ ᠡ᠃      ★  ᠵᠣᠬᠢᠶᠠᠭᠴᠢ ᠶᠢᠨ ᠬᠠᠶ᠋ᠢᠭ᠄ ᠤᠡᠭᠨᠢᠭᠤᠳ ᠬᠤᠰᠢᠭᠤ ᠶᠢᠨ ᠷᠠᠳᠢᠤ᠋ ᠲᠧᠯᠸᠢᠰ ᠲᠤᠪᠴᠢᠶ᠎ᠠ                        ᠤᠳᠠᠰᠤ᠄ 15947697176
 
ᠢᠷᠡᠯᠲᠡ᠄ ᠤᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号