ᠣᠩᠨᠢᠭᠤᠳ ᠨᠣᠳᠤᠭ ᠮᠢᠨᠢ ᠰᠠᠶᠢᠬᠠᠨ ᠳ᠋ᠠ    ︵ᠬᠤᠯᠪᠣᠭ᠎ᠠ︶
ᠨᠡᠶᠢᠲᠡᠯᠡᠭᠰᠡᠨ ᠴᠠᠭ᠄
2020/5/11
             — — ᠨᠣᠳᠤᠭ ᠤᠨ ᠴᠢᠮᠡᠭ ᠢᠶᠠᠨ ᠰᠢᠨ᠎ᠡ ᠵᠢᠯ ᠳᠤ ᠡᠷᠬᠦᠶᠣ                                      ᠣᠷᠳᠣ       ᠠᠷᠠᠯᠳᠣ ᠬᠤᠭᠤᠷ ᠢᠶᠠᠨ ᠳᠠᠳᠠᠭᠠᠳ ᠡᠬᠢᠯᠡᠪᠡᠯ ᠠᠮᠠᠨ ᠬᠤᠯᠪᠣᠭ᠎ᠠ ᠣᠨᠳᠣᠷᠣᠨ᠎ᠠ       ᠠᠬ᠎ᠠ ᠳᠡᠬᠦᠣ ᠰᠠᠳᠣᠨ ᠴᠣᠭᠯᠠᠷᠠᠭᠠᠳ ᠰᠠᠭᠤᠪᠠᠯ ᠠᠩᠬᠢᠷ ᠵᠣᠭᠤᠭ ᠳᠡᠯᠭᠡᠭᠳᠡᠨ᠎ᠡ       ᠠᠯᠳᠠᠨ ᠳᠡᠯᠡᠬᠡᠢ ᠳᠤ ᠭᠠᠭᠴᠠᠬᠠᠨ ᠣᠯᠳᠠᠭᠰᠠᠨ ᠳᠦᠷᠦᠭᠰᠡᠨ ᠨᠣᠳᠤᠭ ᠣᠩᠨᠢᠭᠤᠳ ᠮᠢᠨᠢ       ᠠᠷᠪᠠᠨ ᠵᠦᠭ ᠤᠨ ᠰᠠᠬᠢᠭᠤᠯᠰᠤᠨ ᠬᠤᠷᠠᠭᠰᠠᠨ ᠣᠨᠴᠠ ᠶᠢᠨ ᠰᠠᠶᠢᠬᠠᠨ ᠣᠷᠣᠨ  ᠡ᠃       ᠠᠭᠤᠯᠠ ᠨᠢ ᠠᠠᠭᠤᠯᠠ ᠪᠠᠨ ᠬᠠᠨᠢᠯᠴᠠᠨ ᠳᠦᠰᠢᠬᠡᠳ ᠨᠠᠷᠠᠨ ᠬᠡᠷᠡᠯ ᠣᠭᠳᠣᠨ᠎ᠠ       ᠣᠰᠣ ᠨᠢ ᠣᠰᠣ ᠪᠠᠨ ᠬᠠᠶᠢᠷ᠎ᠠ ᠪᠠᠷ ᠠᠷᠭᠠᠳᠠᠵᠣ ᠰᠠᠷᠠᠨ ᠲᠣᠶᠠᠭ᠎ᠠ ᠰᠠᠭᠠᠳᠠᠭᠤᠯᠣᠨ᠎ᠠ       ᠠᠭᠤᠳᠠᠮ ᠳᠠᠯ᠎ᠠ ᠨᠢ ᠵᠡᠷᠬᠡᠯᠬᠡᠨ ᠳᠤ ᠬᠦᠪᠪᠦᠵᠣ ᠣᠰᠣ ᠪᠠᠶᠢᠭᠠᠯᠢ ᠨᠢ ᠰᠢᠳᠢᠳᠠᠢ       ᠣᠷᠭ᠎ᠠ ᠶᠢᠨ ᠦᠵᠦᠬᠦᠷ ᠲᠤ ᠠᠳᠣᠭᠤᠳ ᠨᠠᠳᠬᠤᠵᠣ ᠬᠦᠮᠦᠨ ᠠᠮᠢᠳᠠᠨ ᠡᠬᠡᠯᠢᠳᠡᠢ᠃       ᠭᠤᠪᠢ ᠠᠴᠠ ᠰᠡᠪᠢᠯᠵᠡᠬᠦ ᠵᠦᠬᠡᠯᠡᠨ ᠰᠠᠯᠬᠢ ᠨᠢ ᠴᠡᠴᠡᠭ ᠵᠠᠭᠠᠷ ᠢᠶᠠᠷ ᠰᠡᠩᠬᠢᠨᠡᠳᠡᠭ       ᠭᠤᠷᠤᠬ᠎ᠠ ᠠᠴᠠ ᠳᠡᠪᠲᠡᠷᠢᠬᠦ ᠣᠷᠠᠨ ᠰᠢᠪᠠᠭᠤᠳ ᠨᠢ ᠠᠮᠠᠷᠠᠭ ᠬᠠᠶᠢᠷ᠎ᠠ ᠪᠠᠷ ᠣᠶᠠᠩᠭᠠᠷᠠᠳᠠᠭ       ᠭᠠᠵᠠᠷ ᠠᠴᠠ ᠮᠠᠨᠳᠣᠬᠤ ᠪᠡᠯᠬᠡᠳᠣ ᠠᠭᠤᠷ ᠨᠢ ᠰᠠᠭᠠᠯᠢ ᠶᠢᠨ  ᠦᠨᠦᠷ ᠢᠶᠠᠷ ᠳᠡᠭᠷᠢᠰᠢᠵᠣ       ᠭᠠᠶᠢᠬᠠᠮᠰᠢᠭ ᠠᠴᠠ ᠭᠠᠶᠢᠬᠠᠮᠰᠢᠭ ᠲᠤ ᠪᠦᠬᠦᠨ ᠢ ᠬᠦᠷᠭᠡᠭᠰᠡᠨ ᠣᠩᠨᠢᠭᠤᠳ ᠨᠣᠳᠤᠭ ᠮᠢᠨᠢ ᠰᠠᠶᠢᠬᠠᠨ ᠳ᠋ᠠ᠃       ᠴᠢᠩᠬᠢᠰ ᠤᠨ ᠬᠤᠶᠢᠴᠢᠰ ᠡᠨᠡ ᠨᠣᠳᠤᠭ ᠲᠤ ᠬᠦᠮᠦᠨ ᠤ ᠡᠷᠬᠢᠮ ᠢ ᠡᠷᠬᠦᠵᠣ       ᠴᠡᠷᠢᠭ ᠳᠠᠶᠢᠨ ᠪᠠᠭᠠᠳᠣᠷ ᠳᠡᠣᠬᠡ ᠡᠷᠡᠮᠬᠡᠢ ᠡᠷᠡᠰ ᠢ ᠪᠣᠰᠬᠠᠪᠠ       ᠴᠠᠭᠯᠠᠰᠢ ᠦᠬᠡᠢ ᠦᠬᠡᠷᠡᠴᠢᠯᠡᠯᠳᠡ ᠨᠡᠬᠡᠬᠡᠯᠳᠡ ᠡᠷᠡᠨ ᠤ ᠴᠣᠣᠷᠢᠶ᠎ᠡ ᠪᠠᠳᠠᠷᠠᠭᠠᠨ       ᠴᠢᠬᠢᠷᠠᠭ ᠠᠴᠠ ᠴᠢᠬᠢᠷᠠᠭ ᠲᠤ ᠳᠠᠪᠰᠢᠨ ᠪᠠᠶᠢᠭ᠎ᠠ ᠣᠩᠨᠢᠭᠤᠳ ᠨᠣᠳᠤᠭ ᠮᠢᠨᠢ ᠰᠠᠶᠢᠬᠠᠨ ᠳ᠋ᠠ       ᠡᠵᠡᠨ ᠬᠠᠭᠠᠳ ᠤᠨ ᠳᠣᠮᠤᠭ ᠰᠢᠩᠬᠡᠭᠰᠡᠨ ᠡᠷᠳᠡᠨ ᠤ ᠰᠣᠶᠣᠯ  ᠳᠡᠣᠬᠡ ᠲᠠᠢ       ᠡᠪ ᠵᠢᠷᠣᠮ ᠤᠨ ᠦᠯᠢᠬᠡᠷ ᠬᠡᠯᠬᠢᠭᠰᠡᠨ ᠪᠠᠭᠠᠳᠣᠷ ᠵᠢᠷᠣᠮᠳᠠᠨ ᠤ ᠲᠤᠤᠯᠢᠰ ᠲᠠᠢ       ᠡᠷᠬᠡᠳᠣ ᠳᠦᠮᠡᠨ ᠨᠢ ᠲᠦᠷᠦ ᠳᠤ ᠪᠠᠨ ᠵᠢᠳᠬᠦᠭᠰᠡᠨ ᠢᠷᠠᠭᠤᠬᠠᠨ ᠠᠭᠤᠣ ᠳᠡᠮᠳᠡᠭᠯᠡᠯ ᠲᠠᠢ       ᠡᠷᠳᠡᠨ ᠡᠳᠣᠬᠡ ᠶᠢᠨ ᠭᠠᠶᠢᠬᠠᠮᠰᠢᠭ ᠪᠣᠯᠣᠭᠰᠠᠨ ᠣᠩᠨᠢᠭᠤᠳ ᠨᠣᠳᠤᠭ ᠮᠢᠨᠢ ᠰᠠᠶᠢᠬᠠᠨ ᠳ᠋ᠠ᠃       ᠡᠬᠡ ᠶᠢᠨ  ᠬᠠᠶᠢᠷ᠎ᠠ  — ᠯᠣᠤᠬ᠎ᠠ ᠰᠢᠷᠠᠮᠦᠷᠡᠨ ᠨᠢ ᠥᠭᠭᠢᠶᠡᠮᠦᠷ ᠰᠦ ᠪᠠᠷ ᠢᠪᠢᠯᠣᠬᠡᠳ       ᠡᠴᠢᠬᠡ ᠶᠢᠨ  ᠰᠦᠷ  — ᠬᠠᠨ ᠨᠠᠷᠠᠰᠣᠳᠠᠢ ᠨᠢ ᠦᠩᠰᠢᠭ ᠡᠷᠳᠡᠨᠢ ᠪᠠᠷ ᠰᠦᠮᠪᠦᠷᠯᠡᠭᠡᠳ       ᠡᠷᠢᠶᠡᠨ ᠭᠤᠪᠢ ᠠᠭᠤᠳᠠᠮ ᠬᠦᠨᠳᠡᠢ ᠨᠢ ᠠᠷᠴᠠ ᠽᠠᠨᠳᠠᠨ ᠢᠶᠠᠷ ᠠᠩᠬᠢᠯᠣᠭᠠᠳ       ᠡᠨᠡ ᠪᠡᠶ᠎ᠡ ᠶᠢᠨ  ᠬᠠᠶᠢᠷ᠎ᠠ ᠶᠢᠨ ᠰᠢᠳᠦᠬᠡᠨ ᠣᠩᠨᠢᠭᠤᠳ ᠨᠣᠳᠤᠭ  ᠮᠢᠨᠢ ᠰᠠᠶᠢᠬᠠᠨ ᠳ᠋ᠠ᠃       ᠳᠡᠩᠨᠡᠬᠦᠷ ᠭᠤᠣᠯ ᠤᠨ ᠮᠢᠩᠭᠠᠨ ᠴᠠᠴᠠᠬᠡᠰ ᠣᠷᠭᠤᠮᠠᠯ ᠤᠨ ᠮᠦᠵᠠᠢ ᠶᠢ ᠭᠠᠶᠢᠬᠠᠭᠤᠯᠵᠣ       ᠳᠡᠭᠷᠢ ᠶᠢᠨ ᠳᠣᠯᠭᠠᠭᠤᠷᠢ ᠪᠦᠬᠡᠷᠡᠩᠬᠡᠢ ᠬᠠᠳᠠ ᠠᠭᠤᠯᠠᠰ ᠤᠨ ᠬᠠᠴᠢᠨ ᠢ ᠢᠯᠡᠷᠡᠬᠦᠯᠦᠮᠣᠢ       ᠳᠡᠷᠡᠰᠣ ᠨᠢ ᠴᠡᠯᠬᠡᠷ ᠨᠣᠭᠤᠭᠠᠨ ᠪᠦᠷᠢᠳᠣᠨ  ᠮᠦᠩᠬᠡ ᠶᠢᠨ ᠷᠠᠰᠢᠶᠠᠨ  ᠢᠶᠠᠷ ᠠᠮᠢᠯᠠᠵᠣ       ᠳᠡᠬᠡᠳᠣ ᠠᠴᠠ ᠵᠠᠶᠠᠭᠠᠲᠠᠢ ᠦᠵᠡᠮᠵᠢᠳᠣ ᠣᠷᠣᠨ ᠣᠩᠨᠢᠭᠤᠳ ᠨᠣᠳᠤᠭ ᠮᠢᠨᠢ ᠰᠠᠶᠢᠬᠠᠨ ᠳ᠋ᠠ᠃       ᠬᠢᠳᠠᠨ ᠯᠢᠶᠣᠣ ᠶᠢᠨ ᠡᠬᠦᠰᠦᠭᠰᠡᠨ ᠮᠦᠷ ᠢ ᠠᠭᠤᠯᠠ ᠣᠰᠣ ᠮᠢᠨᠢ ᠳᠠᠮᠠᠭᠠᠯᠠᠵᠣ       ᠭᠠᠯᠪᠠ ᠶᠢᠨ ᠬᠠᠭᠤᠴᠢ ᠬᠦᠮᠦᠨ ᠤ  ᠪᠣᠯᠪᠠᠰᠣᠨ ᠢ  ᠬᠠᠳᠠᠨ ᠵᠢᠷᠤᠭ ᠲᠠᠭᠠᠨ ᠳᠡᠯᠬᠡᠬᠡᠳ       ᠭᠠᠵᠠᠷ ᠤᠨ ᠰᠠᠬᠢᠭᠤᠰᠣ ᠵᠦᠭ ᠤᠨ  ᠪᠣᠷᠬᠠᠳ ᠢ ᠰᠦᠮ᠎ᠡ ᠬᠡᠶᠢᠳ ᠲᠡᠭᠡᠨ ᠰᠦᠵᠢᠭᠯᠡᠨ       ᠭᠠᠷᠣᠳᠠᠢ  ᠯᠣᠣᠳᠣ ᠰᠣᠶᠣᠯ ᠤᠨ ᠦᠯᠦᠬᠡᠢ ᠣᠩᠨᠢᠭᠤᠳ ᠨᠣᠳᠤᠭ ᠮᠢᠨᠢ ᠰᠠᠶᠢᠬᠠᠨ ᠳ᠋ᠠ᠃       ᠵᠢᠭᠳᠡᠷᠡᠨ ᠡᠩᠨᠡᠷᠡᠭᠰᠡᠨ ᠬᠠᠰ ᠳ᠋ᠧᠩ ᠤᠳ ᠵᠡᠬᠡᠯᠢ ᠭᠤᠳᠣᠮᠵᠢ ᠪᠠᠨ ᠴᠢᠮᠡᠬᠡᠳ       ᠵᠦᠰᠦᠭᠡᠳ ᠬᠤᠯᠠᠳᠠᠭᠰᠠᠨ ᠳᠣᠯᠢᠨ ᠵᠡᠮ ᠤᠳ ᠬᠤᠳᠠ ᠬᠦᠳᠡᠭᠡ ᠶᠢ ᠬᠤᠯᠪᠣᠭᠠᠳ       ᠵᠢᠬᠦᠷᠯᠡᠨ ᠰᠣᠨᠣᠭᠰᠠᠨ ᠦᠨᠳᠦᠷ ᠴᠠᠬᠢᠯᠭᠠᠨ ᠬᠦᠭᠵᠢᠯ ᠴᠡᠴᠡᠭᠯᠡᠯ ᠢ ᠳᠠᠯᠠᠯᠵᠣ       ᠵᠡᠭᠦᠳᠦ ᠪᠠᠷᠠᠭᠠᠨ ᠳᠤ ᠬᠤᠨᠣᠭᠰᠢᠳᠠᠭ ᠣᠩᠨᠢᠭᠤᠳ ᠨᠣᠳᠤᠭ ᠮᠢᠨᠢ ᠰᠠᠶᠢᠬᠠᠨ  ᠳ᠋ᠠ᠃       ᠭᠤᠶᠢᠳᠠ ᠠᠰᠠᠷ ᠤᠳ ᠡᠬᠦᠯᠡᠨ ᠳᠤ ᠰᠢᠷᠭᠤᠵᠣ ᠳᠦᠷᠪᠡᠨ ᠣᠯᠠᠷᠢᠯ ᠳᠡᠭᠰᠢᠬᠡᠨ       ᠭᠤᠶᠣ ᠡᠳ᠋ᠯᠡᠯ ᠠᠮᠢᠳᠣᠷᠠᠯ ᠴᠢᠮᠡᠵᠣ ᠬᠦᠭᠰᠢᠨ ᠵᠠᠯᠠᠭᠤᠰ ᠣᠷᠮ᠎ᠠ ᠲᠠᠢ       ᠭᠤᠪᠢ ᠶᠢᠨ ᠮᠠᠯᠴᠢᠳ ᠬᠤᠳᠠᠨ ᠳᠤ ᠨᠡᠬᠦᠵᠣ ᠡᠷᠡᠨ ᠤ ᠴᠡᠩᠬᠡᠯ ᠢᠶᠠᠷ ᠰᠡᠯᠡᠬᠦᠴᠡᠨ       ᠭᠠᠩᠭᠠᠩ ᠰᠢᠨᠡᠴᠢᠷ ᠬᠡᠬᠡᠮᠰᠦᠭ ᠳᠦᠷᠢ ᠲᠠᠢ ᠣᠩᠨᠢᠭᠤᠳ ᠨᠣᠳᠤᠭ  ᠮᠢᠨᠢ ᠰᠠᠶᠢᠬᠠᠨ ᠳ᠋ᠠ᠃       ᠳᠠᠮᠣᠷ ᠪᠣᠬ᠎ᠠ ᠵᠣᠶᠢᠯ ᠤᠨ ᠮᠠᠰᠢᠨ ᠠᠳᠣᠭᠤᠨ ᠴᠣᠪᠣᠭ᠎ᠠ ᠪᠠᠷ ᠰᠦᠯᠵᠢᠯᠳᠣᠬᠡᠳ       ᠳᠡᠭᠷᠢ ᠶᠢᠨ ᠰᠢᠪᠠᠭᠤ ᠮᠦᠩᠬᠦᠨ ᠨᠢᠰᠬᠡᠯ ᠣᠳᠣᠷ ᠤᠨ ᠰᠦᠷᠦᠭ ᠲᠠᠢ ᠬᠠᠨᠢᠯᠴᠠᠨ᠎ᠠ       ᠲᠧᠯᠸᠢᠰ ᠰᠦᠯᠵᠢᠶ᠎ᠡ ᠷᠠᠳᠢᠣ᠋ ᠬᠤᠯᠪᠣᠭ᠎ᠠ ᠳᠢᠪ ᠬᠦᠷᠦᠨ ᠲᠠᠢ ᠬᠦᠷᠰᠢᠯᠡᠬᠦᠯᠦᠨ       ᠳᠠᠯᠠᠬᠡᠢ ᠶᠢᠨ ᠰᠢᠨ᠎ᠡ ᠳᠤ ᠳᠠᠪᠰᠢᠨ ᠪᠠᠶᠢᠭ᠎ᠠ ᠣᠩᠨᠢᠭᠤᠳ ᠨᠣᠳᠤᠭ ᠮᠢᠨᠢ ᠰᠠᠶᠢᠬᠠᠨ ᠳ᠋ᠠ       ᠬᠦᠳᠡᠭᠡ ᠶᠢᠨ ᠠᠷᠠᠳ ᠮᠠᠯᠴᠢᠨ ᠳᠠᠷᠢᠶᠠᠴᠢᠨ ᠡᠷᠡᠬᠦᠯ ᠮᠡᠨᠳᠣ ᠶᠢᠨ ᠪᠠᠳᠣᠯᠭ᠎ᠠ ᠲᠠᠢ       ᠬᠡᠣᠬᠡᠳ ᠪᠠᠭᠠᠴᠣᠳ ᠰᠣᠶᠣᠯ ᠳᠤ ᠣᠷᠣᠬᠤ ᠰᠣᠷᠭᠠᠨ ᠬᠦᠮᠦᠵᠢᠯ ᠤᠨ ᠪᠠᠳᠣᠯᠭ᠎ᠠ ᠲᠠᠢ       ᠬᠦᠴᠢᠷ ᠠᠶᠢᠯ ᠪᠠᠭᠤᠷᠠᠢ ᠬᠦᠮᠦᠰ ᠨᠡᠶᠢᠬᠡᠮ ᠠᠮᠢᠳᠣᠷᠠᠯ ᠤᠨ ᠳᠡᠳᠬᠦᠷᠢ ᠲᠠᠢ       ᠬᠦᠮᠦᠨ ᠠᠷᠠᠳ ᠨᠢ ᠡᠷᠬᠡ ᠳᠡᠭᠰᠢ ᠣᠩᠨᠢᠭᠤᠳ ᠨᠣᠳᠤᠭ ᠮᠢᠨᠢ ᠰᠠᠶᠢᠬᠠᠨ ᠳ᠋ᠠ       ᠰᠢᠮᠡᠳᠠᠢ ᠬᠦᠷᠦᠰᠣᠨ   ᠳᠤ ᠨᠢ ᠠᠯᠳᠠᠨ ᠳᠠᠷᠢᠶ᠎ᠠ ᠣᠨ‌ᠡᠯᠪᠡᠭ ᠬᠤᠷᠢᠶᠠᠳᠠᠭ       ᠰᠢᠯᠢ ᠶᠢᠨ  ᠳᠡᠨᠵᠢᠨ ᠳᠤ ᠨᠢ ᠳᠠᠷᠭᠤᠨ ᠰᠦᠷᠦᠭ  ᠵᠢᠯ ᠳᠠᠩᠰᠤᠭ ᠵᠣᠰᠠᠳᠠᠭ       ᠰᠢᠨ᠎ᠡ ᠪᠠᠷ ᠮᠠᠨᠳᠣᠭᠰᠠᠨ ᠬᠦᠴᠦᠷᠬᠡᠭ ᠺᠣᠮᠫᠠᠨᠢ ᠤᠳ ᠪᠠᠶᠠᠵᠢᠯ ᠤᠨ ᠳᠠᠷᠴᠠᠭ ᠬᠤᠷᠣᠶᠢᠯᠠᠭᠰᠠᠨ       ᠰᠠᠷᠠᠨ ᠳᠡᠭᠳᠡᠷ ᠨᠠᠷᠠᠨ ᠢᠨᠳᠡᠷ ᠣᠩᠨᠢᠭᠤᠳ ᠨᠣᠳᠤᠭ ᠮᠢᠨᠢ ᠰᠠᠶᠢᠬᠠᠨ ᠳ᠋ᠠ᠃       ᠬᠦᠴᠦᠨ ᠤ ᠠᠪᠣᠷᠭᠤ ᠳᠠᠮᠢᠷᠴᠢᠨ ᠦᠷᠡᠰ ᠨᠢ ᠳᠡᠯᠡᠬᠡᠢ ᠶᠢᠨ ᠳᠠᠪᠴᠠᠩ ᠳᠤ ᠨᠡᠷᠡᠳᠠᠢ       ᠬᠦᠯᠦᠭ ᠤᠨ ᠠᠪᠣᠷᠭᠤ ᠰᠠᠶᠢᠨ ᠠᠭᠳᠠ ᠨᠢ ᠠᠷᠠᠳ ᠤᠨ  ᠨᠠᠭᠠᠳᠣᠮ ᠳᠤ ᠴᠣᠣᠳᠠᠢ       ᠬᠦᠳᠡᠯᠮᠣᠷᠢ ᠶᠢᠨ ᠠᠪᠣᠷᠭᠤ ᠠᠵᠢᠯᠴᠢ ᠬᠦᠮᠦᠰ ᠨᠢ ᠲᠦᠷᠦ  ᠶᠢᠨ ᠵᠢᠱᠢᠶᠡᠴᠢ ᠠᠯᠳᠠᠷᠳᠠᠢ       ᠬᠦᠨᠳᠦᠳᠠᠢ ᠪᠦᠬᠦᠨ ᠤ ᠳᠠᠷᠬᠠᠨ ᠦᠯᠦᠬᠡᠢ ᠣᠩᠨᠢᠭᠤᠳ ᠨᠣᠳᠤᠭ ᠰᠠᠶᠢᠬᠠᠨ ᠳ᠋ᠠ᠃       ᠣᠶᠠᠩᠭ᠎ᠠ ᠨᠠᠶᠢᠷᠠᠭ ᠤᠨ ᠠᠯᠳᠠᠨ ᠬᠤᠨᠳᠠᠭ᠎ᠠ ᠪᠠᠷ ᠬᠦᠮᠦᠨ ᠤ ᠠᠯᠳᠠᠷ ᠢᠶᠠᠨ ᠮᠢᠯᠢᠶᠠᠭᠰᠠᠨ       ᠣᠷᠠᠨ ᠳᠣᠭᠯᠠᠭᠠᠮ ᠤᠨ ᠮᠦᠩᠬᠦᠨ ᠮᠧᠲᠡᠯ ᠢᠶᠠᠷ ᠨᠣᠳᠤᠭ ᠤᠨ ᠰᠦᠷ ᠢᠶᠠᠨ ᠱᠠᠩᠨᠠᠭᠰᠠᠨ       ᠣᠬᠠᠭᠠᠨᠳᠣ ᠬᠡᠣᠬᠡᠳ ᠤᠨ ᠪᠢᠯᠢᠭ ᠠᠪᠢᠶᠠᠰ ᠢᠶᠠᠷ ᠬᠦᠰᠡᠯ ᠤᠨ ᠨᠡᠷ᠎ᠡ ᠪᠠᠨ ᠳᠠᠭᠤᠳᠠᠭᠤᠯᠣᠭᠰᠠᠨ       ᠣᠩᠭᠤᠨ ᠮᠠᠩᠯᠠᠢ ᠳᠠᠷᠬᠠᠨ ᠦᠯᠦᠬᠡᠢ ᠣᠩᠨᠢᠭᠤᠳ ᠨᠣᠳᠤᠭ ᠮᠢᠨᠢ ᠰᠠᠶᠢᠬᠠᠨ ᠳ᠋ᠠ᠃       ᠠᠬ᠎ᠠ ᠳᠡᠬᠦᠣ ᠬᠤᠰᠢᠭᠤ ᠵᠠᠬ᠎ᠠ ᠶᠢᠨ ᠨᠣᠳᠤᠭ ᠲᠠᠢ ᠨᠦᠬᠦᠷᠯᠡᠯ ᠤᠨ ᠭᠠᠷ ᠢᠶᠠᠨ ᠬᠤᠯᠪᠣᠭᠰᠠᠨ       ᠠᠶᠢᠮᠠᠭ ᠬᠤᠳᠠ ᠬᠤᠯᠠ ᠶᠢᠨ ᠡᠷᠬᠢᠮ ᠤᠳ ᠲᠠᠢ ᠦᠨᠡᠨ ᠰᠡᠳᠬᠢᠯ ᠢᠶᠠᠷ ᠨᠠᠶᠢᠵᠢᠯᠠᠭᠰᠠᠨ       ᠠᠯᠣᠰ ᠬᠤᠯᠠ ᠶᠢᠨ ᠬᠦᠴᠦᠷᠬᠡᠭ ᠪᠣᠳᠣᠯ ᠢᠶᠠᠷ ᠬᠦᠮᠦᠨ  ᠠᠷᠠᠳ ᠢᠶᠠᠨ ᠣᠷᠢᠶᠠᠯᠠᠭᠰᠠᠨ       ᠠᠶᠠᠨ ᠬᠠᠷᠭᠤᠢ ᠶᠢᠨ ᠳᠣᠭᠴᠢ ᠪᠣᠯᠣᠭᠰᠠᠨ ᠣᠩᠨᠢᠭᠤᠳ ᠨᠣᠳᠤᠭ ᠰᠠᠶᠢᠬᠠᠨ ᠳ᠋ᠠ᠃       ᠦᠷ᠎ᠡ ᠨᠢ ᠪᠣᠯᠵᠣ ᠡᠨᠡ  ᠬᠦ ᠨᠣᠳᠤᠭ ᠲᠤ ᠵᠠᠶᠠᠭᠠᠵᠤ ᠳᠦᠷᠦᠬᠦ ᠬᠡᠵᠣ ᠰᠠᠶᠢᠬᠠᠨ ᠳ᠋ᠠ       ᠦᠰᠦᠭ ᠪᠢᠴᠢᠭ ᠲᠠᠢ ᠨᠢ ᠴᠤᠭ ᠳᠠᠪᠠᠷᠢᠵᠣ ᠦᠰᠦᠨ ᠪᠣᠶᠢᠵᠢᠬᠤ ᠬᠡᠵᠣ ᠭᠤᠶᠣᠬᠠᠨ ᠳ᠋ᠠ       ᠡᠪᠡᠰᠣ  ᠰᠢᠷᠣᠢ  ᠶᠢ   ᠨᠢ ᠬᠦᠷᠳᠡᠯ᠎ᠡ ᠬᠠᠮᠠᠭᠠᠯᠠᠵᠣ ᠶᠠᠪᠣᠪᠠᠯ ᠣᠮᠣᠭᠯᠠᠩ ᠳ᠋ᠠ       ᠡᠬᠦᠯᠡ ᠰᠠᠯᠬᠢ ᠶᠢ ᠨᠢ ᠬᠦᠷᠳᠡᠯ᠎ᠡ ᠬᠠᠶᠢᠷᠠᠯᠠᠵᠣ  ᠴᠢᠳᠠᠪᠠᠯ ᠵᠢᠷᠭᠠᠯᠠᠩ︕       ᠣᠰᠣᠨ ᠤ  ᠮᠡᠯᠮᠡᠢ  ᠮᠦᠰᠢᠶᠡᠭᠰᠡᠨ ᠪᠠᠶᠠᠨ ᠳᠣᠩᠭᠠᠯᠠᠭ ᠣᠯᠠᠷᠢᠯ  ᠳᠤ       ᠠᠭᠤᠯᠠᠰ ᠤᠨ  ᠳᠣᠯᠣᠭᠠᠢ ᠳᠣᠨᠢᠶᠠᠷᠳᠣᠭᠰᠠᠨ ᠣᠨᠢᠶᠡᠷ ᠦᠬᠡᠢ ᠡᠳᠣᠷ       ᠣᠬᠠᠭᠠᠨᠳᠣ ᠳᠠᠨᠠᠷ ᠤᠨ  ᠪᠡᠶ᠎ᠡ ᠰᠡᠳᠬᠢᠯ ᠢ ᠢᠷᠦᠬᠡᠯ ᠤᠨ  ᠬᠠᠳᠠᠭ ᠢᠶᠠᠷ ᠳᠠᠯᠠᠯᠶ᠎ᠠ       ᠣᠷᠮ᠎ᠠ ᠬᠠᠶᠢᠷᠯᠠᠵᠣ ᠣᠩᠨᠢᠭᠤᠳ ᠨᠣᠳᠤᠭ ᠲᠤ ᠮᠣᠷᠢᠯᠠᠨ ᠰᠠᠭᠠᠳᠠᠬᠤ ᠶᠢ ᠴᠢᠨᠢ ᠣᠭᠳᠣᠶᠣ᠃       ᠳᠠᠯ᠎ᠠ ᠶᠢᠨ  ᠷᠠᠰᠢᠶᠠᠨ ᠢ ᠰᠦᠯᠡᠵᠣ ᠨᠠᠶᠢᠷᠠᠭᠰᠠᠨ  ᠮᠣᠩᠭᠤᠯ ᠴᠠᠢ ᠶᠢ ᠮᠢᠨᠢ ᠠᠮᠰᠠᠭᠠᠴᠢ       ᠳᠠᠷᠠᠭ ᠤᠨ  ᠬᠦᠷᠦᠩᠬᠡ ᠶᠢ  ᠬᠠᠷᠢᠭᠤᠯᠵᠣ ᠨᠡᠷᠡᠭᠰᠡᠨ ᠰᠠᠭᠠᠯᠢ ᠶᠢᠨ  ᠠᠷᠢᠬᠢ ᠶᠢ  ᠮᠢᠨᠢ ᠣᠣᠭᠤᠭᠠᠴᠢ       ᠳᠠᠭᠠᠨ᠎ᠠ ᠶᠢᠨ ᠰᠢᠮ᠎ᠡ ᠪᠠᠷ ᠳᠠᠷᠭᠤ ᠳᠣᠭᠳᠠᠭᠰᠠᠨ ᠮᠠᠯ ᠤᠨ ᠰᠢᠬᠦᠰᠣ ᠶᠢ  ᠮᠢᠨᠢ ᠵᠣᠭᠤᠭᠯᠠᠭᠠᠴᠢ       ᠳᠠᠭᠠᠳᠠᠢ ᠨᠠᠭᠠᠳᠣᠵᠣ ᠣᠷᠮ᠎ᠠ ᠪᠠᠶᠠᠰᠬᠤ ᠶᠢ ᠣᠩᠨᠢᠭᠤᠳᠴᠣᠳ  ᠪᠢᠳᠡᠨᠡᠷ ᠬᠦᠰᠡᠮᠣ᠃       ᠦᠩ ᠰᠢᠮᠡᠯᠢᠭ ᠡᠨᠡ ᠨᠣᠳᠤᠭ ᠲᠤ  ᠵᠦᠢ ᠳᠡᠭᠠᠳᠠᠢ ᠨᠠᠶᠢᠷᠠᠯᠠᠶ᠎ᠠ       ᠦᠷᠦᠬᠡᠯ ᠬᠡᠬᠦ ᠶᠢᠨ  ᠪᠣᠳᠣᠯ ᠦᠬᠡᠢ ᠰᠠᠳᠬᠢᠯ ᠨᠡᠶᠢᠯᠡᠵᠣ ᠨᠠᠭᠠᠳᠣᠶ᠎ᠠ       ᠡᠷᠦᠬᠡ ᠬᠡᠷ ᠲᠤ ᠪᠠᠨ ᠳᠣᠯᠭ᠎ᠠ ᠬᠥᠭᠵᠢᠭᠡᠨ ᠦᠣᠷ ᠴᠠᠶᠢᠳᠠᠯ᠎ᠠ ᠳᠣᠭᠯᠠᠶ᠎ᠠ       ᠦᠨᠢ ᠮᠦᠩᠬᠡ ᠶᠢᠨ  ᠬᠡᠶᠢᠮᠣᠷᠢ ᠳᠠᠯᠠᠯᠣᠨ ᠰᠢᠨ᠎ᠡ ᠵᠢᠯ ᠳᠡᠭᠡᠨ ᠵᠢᠷᠭᠠᠵᠠᠭᠠᠶ᠎ᠠ︕                                                    2020.1.1 ᠪᠣᠷᠣᠬᠤᠳᠠᠨ᠎ᠠ         ︵ ᠬᠠᠶ᠋ᠢᠭ᠄ ᠣᠩᠨᠢᠭᠤᠳ ᠬᠤᠰᠢᠭᠤᠨ ᠤ  ᠦᠨᠳᠦᠰᠦᠳᠡᠨ ᠤ ᠬᠡᠷᠡᠭ ᠡᠷᠬᠢᠯᠡᠬᠦ  ᠵᠦᠪᠯᠡᠯ︶
 
ᠢᠷᠡᠯᠲᠡ᠄ ᠤᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号