| | | | ᠳᠠᠷᠢᠶᠠᠨ ᠡᠮ ᠪᠤᠯ ᠤᠨᠴᠠᠭᠠᠢ ᠳᠠᠸᠠᠷ᠂ ᠤᠯᠤᠰ ᠠᠴᠠ ᠳᠠᠷᠢᠶᠠᠨ ᠡᠮ ᠢ ᠳᠠᠩᠰᠠᠯᠠᠬᠤ ᠳᠦᠷᠢᠮ᠂ | ᠦᠢᠯᠡᠳᠪᠤᠷᠢᠯᠡᠯ ᠢ ᠵᠦᠪᠰᠢᠶᠡᠷᠡᠭᠰᠡᠨ ᠳᠦᠷᠢᠮ᠂ ᠦᠢᠯᠡᠳᠭᠦᠨ ᠤ ᠶᠠᠰᠤ ᠴᠢᠨᠠᠷ ᠤᠨ ᠬᠢᠷᠢ ᠳᠡᠩᠴᠡᠭᠰᠡᠨ ᠳᠦᠷᠢᠮ ᠢ | ᠬᠡᠷᠡᠭᠵᠢᠭᠦᠯᠵᠤ ᠪᠤᠢ᠃ ᠳᠠᠩᠰᠠᠯᠠᠬᠰᠠᠨ ᠭᠡᠷᠡᠴᠢ ᠶᠢᠨ ᠨᠤᠮᠧᠷ᠄ ᠳᠦᠷ ᠳᠠᠩᠰᠠᠯᠠᠬᠰᠠᠨ ᠭᠡᠷᠡᠴᠢ ᠪᠤᠯ vs ᠪᠠ ws | ᠦᠰᠦᠭ ᠠᠴᠠ ᠡᠬᠢᠯᠡᠨ᠎ᠠ᠃ ᠵᠢᠩᠬᠢᠨᠢ ᠳᠠᠩᠰᠠᠯᠠᠬᠰᠠᠨ ᠭᠡᠷᠡᠴᠢ ᠶᠢ ᠪᠤᠯ PD᠂ PDN᠂ WP᠂ WPN | ᠦᠰᠦᠭ ᠠᠴᠠ ᠡᠬᠢᠯᠡᠨ᠎ᠠ᠃ ᠬᠤᠪᠢᠶᠠᠵᠤ ᠰᠠᠪᠠᠯᠠᠬᠰᠠᠨ ᠳᠠᠷᠢᠶᠠᠨ ᠡᠮ ᠢ ᠪᠤᠯ ᠡᠷᠭᠡᠪᠰᠢ ᠬᠤᠪᠢᠶᠠᠵᠤ ᠰᠠᠪᠠᠯᠠᠬᠤ | ᠳᠠᠩᠰᠠᠯᠠᠬᠰᠠᠨ ᠭᠡᠷᠡᠴᠢ ᠶᠢᠨ ᠨᠤᠮᠧᠷ ᠬᠡᠷᠡᠭᠯᠡᠨ᠎ᠠ᠃ ᠦᠢᠯᠡᠳᠪᠤᠷᠢᠯᠡᠬᠦ ᠶᠢ ᠵᠦᠪᠰᠢᠶᠡᠷᠡᠭᠰᠡᠨ ᠭᠡᠷᠡᠴᠢ ᠶᠢᠨ ᠨᠤᠮᠧᠷ᠄ | ᠳᠠᠷᠢᠶᠠᠨ ᠡᠮ ᠢ ᠦᠢᠯᠡᠳᠪᠤᠷᠢᠯᠡᠬᠦ ᠶᠢ ᠵᠦᠪᠰᠢᠶᠡᠷᠡᠭᠰᠡᠨ ᠭᠡᠷᠡᠴᠢ ᠶᠢᠨ ᠨᠤᠮᠧᠷ ᠤᠨ ᠬᠡᠯᠪᠡᠷᠢ᠂ ᠵᠢᠱᠢᠶᠡᠯᠡᠪᠡᠯ | XK13067009 ︵40% ᠤᠰᠤᠨ ᠠᠮᠢᠨ ᠬᠦᠬᠦᠷᠳᠤ ᠹᠤᠰᠹᠤᠷ ᠳᠤᠰᠤ︶ ᠳᠠᠷᠢᠶᠠᠨ ᠡᠮ | ᠦᠢᠯᠡᠳᠪᠤᠷᠢᠯᠡᠬᠦ ᠶᠢ ᠵᠦᠪᠰᠢᠶᠡᠷᠡᠭᠰᠡᠨ ᠪᠢᠴᠢᠭ ᠮᠠᠲᠧᠷᠢᠶᠠᠯ ᠤᠨ ᠬᠡᠯᠪᠡᠷᠢ ᠶᠠᠩᠵᠤ᠂ ᠵᠢᠱᠢᠶᠡᠯᠡᠪᠡᠯ HNK31069 | — D3535 ︵ᠨᠤᠭᠤᠭᠠᠨ ᠢᠶᠠᠷ ᠬᠠᠳᠠᠬᠤ ᠡᠪᠡᠳᠴᠢᠨ ᠢ ᠰᠡᠷᠭᠡᠶᠢᠯᠡᠬᠦ ᠺᠠᠩ ᠳᠢ ᠯᠸᠢ ᠳᠧ ᠡᠮ 2᠃ ᠶᠠᠰᠤ | ᠴᠢᠨᠠᠷ ᠤᠨ ᠪᠠᠷᠢᠮᠵᠢᠶ᠎ᠠ ᠶᠢᠨ ᠭᠡᠷᠡᠴᠢ᠄ ᠳᠠᠷᠢᠶᠠᠨ ᠡᠮ ᠤᠨ ᠴᠢᠨᠠᠷ ᠴᠢᠨᠰᠠᠭ᠎ᠠ ᠶᠢᠨ ᠪᠠᠷᠢᠮᠵᠢᠶ᠎ᠠ ᠶᠢ ᠤᠯᠤᠰ ᠤᠨ | ᠪᠠᠷᠢᠮᠵᠢᠶ᠎ᠠ᠂ ᠠᠵᠢᠯ ᠳᠦᠷᠦᠯ ᠤᠨ ᠪᠠᠷᠢᠮᠵᠢᠶ᠎ᠠ ᠬᠢᠭᠡᠳ ᠠᠵᠤ ᠠᠬᠤᠢᠢᠯᠠᠯ ᠤᠨ ᠪᠠᠷᠢᠮᠵᠢᠶ᠎ᠠ ᠭᠡᠵᠤ ᠭᠤᠷᠪᠠᠨ | ᠳᠦᠷᠦᠯ ᠳᠤ ᠬᠤᠪᠢᠶᠠᠨ᠎ᠠ᠃ ᠡᠭᠦᠨ ᠳᠤ ᠭᠡᠷᠡᠴᠢ ᠶᠢᠨ ᠨᠤᠮᠧᠷ ᠢ CB ᠬᠢᠭᠡᠳ Q ᠵᠡᠷᠭᠡ ᠦᠰᠦᠭ ᠢᠶᠠᠷ ᠡᠬᠢᠯᠡᠨ᠎ᠠ᠃ | | | |