ᠤᠯᠠᠨ ᠤᠯᠤᠰ ᠤᠨ ᠬᠤᠯᠪᠤᠭ᠎ᠠ ᠶᠢᠨ ᠰᠤᠷᠭᠠᠨ ᠬᠦᠮᠦᠵᠢᠯ᠂ ᠰᠢᠨᠵᠢᠯᠡᠬᠦ ᠤᠬᠠᠭᠠᠨ᠂ ᠰᠤᠶᠤᠯ ᠤᠨ | ᠵᠤᠬᠢᠶᠠᠨ ᠪᠠᠶᠢᠭᠤᠯᠤᠯᠳᠠ ᠠᠴᠠ 1989 ᠤᠨ ᠳᠤ ︽ᠮᠤᠩᠭᠤᠯ ᠤᠨ ᠨᠢᠭᠤᠴᠠ ᠲᠤᠪᠴᠢᠶᠠᠨ︾ ᠢ ᠲᠡᠯᠡᠬᠡᠢ ᠶᠢᠨ | ᠠᠯᠳᠠᠷᠳᠤ ᠵᠤᠬᠢᠶᠠᠯ ᠢᠶᠠᠷ ᠦᠨᠡᠯᠡᠨ ᠨᠡᠷᠡᠶᠢᠳᠴᠦ᠂ ᠠᠩᠭ᠍ᠯᠢ ᠬᠡᠯᠡ ᠪᠠᠷ ᠨᠢ ︽ᠲᠡᠯᠡᠬᠡᠢ ᠶᠢᠨ ᠠᠯᠳᠠᠷᠳᠤ ᠵᠤᠬᠢᠶᠠᠯ ᠤᠨ | ᠴᠤᠪᠤᠷᠠᠯ︾ ᠳᠤ ᠤᠷᠤᠭᠤᠯᠵᠠᠢ᠃ ᠡᠭᠦᠨ ᠤ ᠬᠠᠮᠳᠤ 1990 ᠤᠨ ᠳᠤ ︽ᠮᠤᠩᠭᠤᠯ ᠤᠨ ᠨᠢᠭᠤᠴᠠ ᠲᠤᠪᠴᠢᠶᠠᠨ︾ | ᠪᠢᠴᠢᠭᠳᠡᠭᠰᠡᠨ 750 ᠵᠢᠯ ᠤᠨ ᠤᠢ ᠪᠤᠯᠬᠤ ᠲᠤᠯᠠ ᠪᠦᠬᠦᠳᠡᠭᠡᠷ ᠲᠤᠷᠠᠰᠬᠠᠨ ᠪᠡᠯᠭᠡᠯᠡᠳᠦᠭᠡᠢ ᠭᠡᠵᠤ ᠤᠯᠠᠨ ᠤᠯᠤᠰ | ᠤᠨ ᠬᠤᠯᠪᠤᠭ᠎ᠠ ᠶᠢᠨ ᠭᠡᠰᠢᠭᠦᠨ ᠤᠯᠤᠰ ᠲᠤ ᠪᠠᠨ ᠵᠠᠷᠯᠠᠵᠠᠢ᠃ ᠨᠢᠭᠡᠨ ᠨᠤᠮ ᠤᠨ ᠬᠤᠪᠢ ᠳᠤ ᠡᠨᠡ ᠪᠤᠯ ᠢᠷᠠᠭᠤ | ᠠᠯᠳᠠᠷ ᠤᠨ ᠤᠷᠭᠢᠯ ᠳᠤ ᠬᠦᠷᠴᠡᠢ᠃ | ︽ᠮᠤᠩᠭᠤᠯ ᠤᠨ ᠨᠢᠭᠤᠴᠠ ᠲᠤᠪᠴᠢᠶᠠᠨ︾ ᠪᠤᠯᠪᠠᠰᠤ ᠮᠤᠩᠭᠤᠯ ᠤᠨ ᠲᠡᠦᠬᠡ ᠶᠢᠨ ᠬᠤᠤᠰ ᠦᠭᠡᠢ ᠪᠠᠷᠢᠮᠳᠠ | ᠪᠤᠯᠬᠤ ᠠᠴᠠ ᠭᠠᠳᠠᠨ᠎ᠠ᠂ ᠮᠤᠩᠭᠤᠯ ᠠᠷᠠᠳ ᠤᠨ ᠤᠶᠤᠨ ᠤ ᠴᠢᠳᠠᠪᠤᠷᠢ ᠶᠢ ᠭᠡᠷᠡᠴᠢᠯᠡᠭᠰᠡᠨ ᠭᠠᠶᠢᠬᠠᠮᠰᠢᠭᠳᠤ ᠤᠷᠠᠨ | ᠵᠤᠬᠢᠶᠠᠯ ᠮᠦᠨ᠃ — ᠴ᠊᠂ ᠲᠠᠮᠳᠢᠨᠰᠦ᠋ᠷᠦᠩ ᠠᠷᠠᠳ ᠲᠦᠮᠡᠨ ᠢᠶᠠᠨ ᠲᠠᠨᠢᠵᠤ ᠡᠷᠬᠢᠮᠨᠡᠬᠦ ᠦᠭᠡᠢ ᠨᠤᠶᠠᠷᠬᠠᠭᠴᠢ | ᠪᠤᠯ ᠬᠠᠷᠬᠢᠰ ᠡᠵᠡᠨ᠂ ᠲᠡᠷᠡ ᠬᠠᠷᠬᠢᠰ ᠵᠠᠰᠠᠭ ᠲᠤ ᠪᠠᠨ ᠮᠦᠬᠦᠨᠡ᠃ ᠤᠳᠤᠷᠢᠳᠤᠭᠴᠢ ᠪᠠᠨ ᠲᠠᠨᠢᠵᠤ ᠡᠷᠭᠦᠬᠦ | ᠦᠭᠡᠢ ᠠᠷᠠᠳ ᠪᠤᠯ ᠮᠤᠩᠬᠠᠭ ᠠᠷᠠᠳ᠂ ᠲᠡᠳᠡ ᠬᠡᠵᠢᠶᠡᠳᠡ ᠪᠤᠭᠤᠯᠴᠢᠯᠠᠭᠳᠠᠨᠠ᠃ — ᠮᠠᠴᠢᠶᠠᠸᠧᠯᠯᠢ ︽ | ᠮᠤᠩᠭᠤᠯ ᠤᠨ ᠨᠢᠭᠤᠴᠠ ᠲᠤᠪᠴᠢᠶᠠᠨ︾ ᠬᠡᠮᠡᠬᠦ ᠵᠤᠬᠢᠶᠠᠯ ᠤᠨ ᠲᠤᠬᠠᠢ ᠤᠷᠤᠰ ᠤᠨ ᠡᠷᠳᠡᠮᠳᠡᠨ ᠸᠯᠠᠳᠢᠮᠢᠷᠼᠤᠸ᠋ | ᠠᠴᠠ ︽ᠮᠤᠩᠭᠤᠯ ᠤᠨ ᠨᠡᠶᠢᠭᠡᠮ ᠤᠨ ᠪᠠᠶᠢᠭᠤᠯᠤᠯᠳᠠ︾ ᠬᠡᠮᠡᠬᠦ ᠨᠤᠮ ᠤᠨ 6 ᠳ᠋ᠤᠭᠠᠷ ᠲᠤ ᠪᠢᠴᠢᠭᠰᠡᠨ ᠢᠨᠦ᠄ ︽ | ᠲᠤᠮᠳᠠᠳᠤ ᠵᠠᠭᠤᠨ ᠤ ᠦᠶ᠎ᠡ ᠳᠤ ᠨᠢᠭᠡ ᠴᠦ ᠦᠨᠳᠦᠰᠦᠳᠡᠨ᠂ ᠮᠤᠩᠭᠤᠯ ᠤᠨ ᠠᠳᠠᠯᠢ ᠪᠠᠷ ᠲᠡᠦᠬᠡᠴᠢ ᠨᠠᠷ ᠤᠨ | ᠠᠩᠬᠠᠷᠤᠯ ᠢ ᠲᠠᠳᠠᠭᠰᠠᠨ ᠦᠭᠡᠢ ᠭᠡᠵᠤ ᠬᠡᠯᠡᠵᠤ ᠪᠤᠯᠬᠤ ᠠᠪᠠᠰᠤ᠂ ᠪᠠᠰᠠ ︿ᠨᠢᠭᠤᠴᠠ ᠲᠤᠪᠴᠢᠶᠠᠨ﹀ ᠠᠳᠠᠯᠢ ᠪᠠᠷ | ᠵᠢᠩᠬᠢᠨᠢ ᠠᠮᠢᠳᠤᠷᠠᠯ ᠢ ᠲᠤᠳᠤᠷᠬᠠᠢ ᠲᠦᠷᠰᠦᠯᠡᠨ ᠦᠵᠡᠭᠦᠯᠦᠭᠰᠡᠨ ᠲᠤᠷᠠᠰᠬᠠᠯᠳᠤ ᠪᠢᠴᠢᠭ ᠢ ᠨᠢᠭᠡ ᠴᠦ ᠨᠡᠭᠦᠳᠡᠯᠴᠢᠨ | ᠦᠨᠳᠦᠰᠦᠳᠡᠨ ᠦᠯᠡᠳᠡᠭᠡᠭᠰᠡᠨ ᠦᠭᠡᠢ ᠭᠡᠳᠡᠭ ᠢ ᠲᠡᠮᠳᠡᠭᠯᠡᠪᠡᠰᠦ ᠵᠤᠬᠢᠮᠤᠢ︾ ᠬᠡᠮᠡᠵᠦᠬᠦᠢ᠃ ︵︽ᠨᠢᠭᠡᠴᠦ︾ ᠭᠡᠵᠤ | ᠪᠢᠴᠢᠵᠤ ᠪᠠᠶᠢᠭᠰᠠᠨ ᠢ ᠠᠳᠡ ︽ᠨᠢᠭᠡ ᠴᠦ︾ ᠭᠡᠵᠤ ᠲᠦᠷᠢᠮᠵᠢᠭᠦᠯᠵᠤ ᠪᠢᠴᠢᠪᠡ︶ | ︽ᠮᠤᠩᠭᠤᠯ ᠤᠨ ᠨᠢᠭᠤᠴᠠ ᠲᠤᠪᠴᠢᠶᠠᠨ︾ ᠪᠤᠯ 13 ᠳ᠋ᠤᠭᠠᠷ ᠵᠠᠭᠤᠨ ᠤ ᠦᠶ᠎ᠡ ᠳᠤ ᠮᠤᠩᠭᠤᠯ ᠤᠨ ᠶᠡᠭᠡ | ᠤᠯᠤᠰ ᠮᠠᠨᠳᠤᠬᠤ ᠴᠠᠭ ᠲᠤ ᠮᠤᠩᠭᠤᠯ ᠤᠷᠤᠨ ᠤ ᠲᠤᠳᠤᠷ᠎ᠠ ᠪᠤᠯᠤᠭᠰᠠᠨ ᠶᠠᠪᠤᠳᠠᠯ ᠤᠳ ᠢ ᠴᠤᠬᠤᠮ ᠦᠨᠡᠨ ᠢᠶᠠᠷ | ᠭᠠᠷᠭᠠᠵᠤ ᠪᠢᠴᠢᠭᠰᠡᠨ ᠤᠴᠢᠷ ᠠᠴᠠ ᠲᠡᠦᠬᠡ ᠶᠢᠨ ᠬᠤᠤᠰ ᠦᠭᠡᠢ ᠪᠠᠷᠢᠮᠳᠠ ᠪᠢᠴᠢᠭ ᠪᠤᠯᠵᠤᠬᠤᠢ᠃ | ︽ᠮᠤᠩᠭᠤᠯ ᠤᠨ ᠨᠢᠭᠤᠴᠠ ᠲᠤᠪᠴᠢᠶᠠᠨ︾ ᠪᠠ ︽ᠵᠢᠩᠭᠠᠷ︾᠂ ︽ᠭᠡᠰᠡᠷ︾ ᠭᠤᠷᠪᠠ ᠶᠢ ᠮᠤᠩᠭᠤᠯ | ᠠᠷᠠᠳ ᠤᠨ ᠬᠠᠭᠤᠴᠢᠨ ᠵᠤᠬᠢᠶᠠᠯ ᠤᠨ ᠭᠤᠷᠪᠠᠨ ᠤᠷᠭᠢᠯ ᠪᠤᠯᠤᠨ᠎ᠠ᠃ ᠡᠳᠡᠭᠡᠷ ᠲᠤ ᠮᠤᠩᠭᠤᠯ ᠠᠷᠠᠳ ᠤᠨ ᠠᠵᠤ | ᠠᠮᠢᠳᠤᠷᠠᠯ ᠪᠠ ᠰᠡᠳᠬᠢᠯ ᠬᠦᠰᠡᠯ ᠪᠦᠷᠢᠨ᠎ᠡ ᠢᠯᠡᠷᠡᠨ ᠭᠠᠷᠴᠤᠬᠤᠢ᠃ | ᠪᠦᠷᠳᠡ ᠴᠢᠨ᠋ᠸ᠎ᠠ᠂ ᠬᠤᠸᠠ ᠮᠠᠷᠠᠯ ᠪᠦᠷᠳᠡ ᠴᠢᠨ᠋ᠸ᠎ᠠ᠂ ᠬᠤᠸᠠ ᠮᠠᠷᠠᠯ ᠪᠤᠯ ᠲᠡᠦᠬᠡᠨ ᠳᠤ ᠲᠡᠮᠳᠡᠭᠯᠡᠭᠳᠡᠭᠰᠡᠨ | ᠬᠠᠮᠤᠭ ᠤᠨ ᠡᠷᠳᠡᠨ ᠤ ᠨᠡᠷ᠎ᠡ ᠵᠢᠯ ᠲᠠᠢ ᠮᠤᠩᠭᠤᠯ ᠬᠦᠮᠦᠨ᠃ ᠪᠦᠷᠳᠡ ᠪᠤᠶᠤ ᠬᠤᠸᠠ ᠨᠢ ᠦᠩᠭᠡ ᠵᠢᠰᠦᠮ ᠢ | ᠵᠢᠭᠠᠵᠠᠢ᠃ ᠮᠠᠷᠠᠯ ᠨᠢ ᠡᠮ᠎ᠡ ᠪᠤᠭᠤ ᠪᠤᠶᠤ ᠰᠤᠭᠤ ᠶᠢ ᠵᠢᠭᠠᠨ᠎ᠠ᠃ ᠵᠠᠷᠢᠮ ᠬᠦᠮᠦᠨ ᠡᠳᠡ ᠬᠤᠶᠠᠷ ᠢ ᠠᠮᠢᠳᠠᠨ ᠭᠡᠵᠤ | ᠦᠵᠡᠪᠡ᠃ ᠮᠤᠩᠭᠤᠯ ᠬᠦᠮᠦᠨ ᠴᠢᠨ᠋ᠸ᠎ᠠ ᠠᠴᠠ ᠭᠠᠷᠤᠯᠳᠠᠢ ᠭᠡᠳᠡᠭ ᠨᠢ ᠡᠭᠦᠨ ᠠᠴᠠ ᠢᠷᠡᠯᠳᠡᠢ ᠪᠠᠶᠢᠬ᠎ᠠ᠃ ᠵᠠᠷᠢᠮ | ᠬᠦᠮᠦᠨ ᠡᠳᠡ ᠬᠤᠶᠠᠷ ᠢ ᠬᠦᠮᠦᠨ ᠭᠡᠵᠤ ᠦᠵᠡᠵᠡᠢ᠃ ᠤᠳᠤ ᠴᠦ ᠭᠡᠰᠡᠨ ᠨᠠᠴᠢᠨ᠂ ᠪᠦᠷᠭᠦᠳ᠂ ᠠᠷᠰᠯᠠᠨ᠂ ᠪᠠᠷᠰ᠂ | ᠨᠤᠬᠠᠢ᠂ ᠮᠤᠤᠷ ᠭᠡᠰᠡᠨ ᠨᠡᠷ᠎ᠡ ᠲᠠᠢ ᠬᠦᠮᠦᠨ ᠤᠯᠠᠨ ᠪᠠᠶᠢᠨ᠎ᠠ᠃ ᠡᠶᠢᠮᠦ ᠠᠴᠠ ︽ᠪᠦᠷᠳᠡ ᠴᠢᠨ᠋ᠸ᠎ᠠ᠂ ᠬᠤᠸᠠ ᠮᠠᠷᠠᠯ | ︾ ᠨᠢ ᠲᠡᠳᠡ ᠬᠤᠶᠠᠷ ᠤᠨ ᠲᠠᠭᠤᠳᠠᠬᠤ ᠨᠡᠷ᠎ᠡ ᠭᠡᠵᠤ ᠦᠵᠡᠵᠡᠢ᠃ ᠴᠢᠩᠭᠢᠰ ᠬᠠᠭᠠᠨ ᠠᠴᠠ ᠲᠡᠭᠡᠭᠰᠢ ᠦᠶ᠎ᠡ | ᠦᠭᠰᠦᠭᠦᠯᠵᠤ ᠪᠤᠳᠤᠪᠠᠯ ᠪᠦᠷᠳᠡ ᠴᠢᠨ᠋ᠸ᠎ᠠ᠂ ᠬᠤᠸᠠ ᠮᠠᠷᠠᠯ ᠬᠤᠶᠠᠭᠤᠯᠠ ᠪᠠᠷᠤᠭ ᠤᠨ ᠲᠤᠭᠠᠯᠠᠯ ᠤᠨ 8 ᠳ᠋ᠤᠭᠠᠷ | ᠵᠠᠭᠤᠨ ᠳᠤ ᠠᠮᠢᠳᠤᠷᠠᠵᠤ ᠪᠠᠶᠢᠪᠠ᠃ ᠡᠨᠡ ᠨᠢ ᠾᠦᠩᠨᠦ ᠶᠢᠨ ᠦᠶ᠎ᠡ ᠠᠴᠠ ᠴᠦ ᠬᠤᠶᠢᠨ᠎ᠠ ᠬᠡᠳᠦᠨ ᠵᠠᠭᠤᠨ ᠵᠢᠯ ᠤᠨ | ᠤᠴᠢᠷ ᠪᠤᠯᠤᠨ᠎ᠠ᠃ ᠦᠨᠡᠨ ᠳᠤ ᠪᠠᠨ ᠪᠦᠷᠳᠡ ᠴᠢᠨ᠋ᠸ᠎ᠠ᠂ ᠬᠤᠸᠠ ᠮᠠᠷᠠᠯ ᠪᠤᠯ ᠪᠠᠯᠠᠷ ᠡᠷᠳᠡᠨ ᠤ ᠬᠦᠮᠦᠨ ᠪᠢᠰᠢ᠂ | ᠬᠠᠷᠢᠨ ᠨᠡᠯᠢᠶᠡᠳ ᠤᠶᠢᠷᠠᠬᠠᠨ — ᠮᠢᠩᠭ᠎ᠠ ᠭᠠᠷᠤᠢ ᠤᠨ ᠤ ᠡᠮᠦᠨᠡᠬᠢ ᠬᠦᠮᠦᠨ᠃ ︽ᠭᠡᠷᠭᠡᠢ︾᠂ ︽ᠬᠦᠪᠡᠭᠦᠨ︾ | ᠭᠡᠰᠡᠨ ᠠᠴᠠ ᠴᠦ ᠬᠦᠮᠦᠨ ᠭᠡᠰᠡᠨ ᠢ ᠮᠡᠳᠡᠵᠤ ᠪᠤᠯᠤᠨ᠎ᠠ᠃ ᠴᠢᠨ᠋ᠸ᠎ᠠ ᠶᠢᠨ ᠲᠦᠯ ᠢ ᠪᠡᠯᠳᠡᠷᠭᠡ ᠭᠡᠳᠡᠭ᠃ ᠡᠶᠢᠮᠦ ᠠᠴᠠ | ᠬᠦᠮᠦᠨ ᠤ ᠨᠡᠷ᠎ᠡ ᠪᠠᠶᠢᠬ᠎ᠠ᠃ ᠭᠡᠪᠡᠴᠦ ᠲᠤᠲ᠋ᠧᠮ ᠤᠨ ᠦᠩᠭᠡ ᠪᠤᠳᠤᠭ ᠪᠠᠶᠢᠨ᠎ᠠ᠃ | ᠲᠤᠷᠠᠨ ᠬᠠᠷᠠᠭᠠᠳᠤ ᠲᠤᠸᠠ ᠰᠤᠬᠤᠷ ᠡᠨᠡ ᠬᠦᠮᠦᠨ ᠲᠤᠩ ᠰᠤᠨᠢᠷᠬᠠᠯᠳᠠᠢ᠃ ᠮᠠᠩᠨᠠᠢ ᠲᠤᠮᠳᠠ ᠪᠠᠨ ᠭᠠᠭᠴᠠ | ᠨᠢᠳᠦ ᠲᠠᠢ᠂ ᠭᠤᠷᠪᠠᠨ ᠨᠡᠭᠦᠳᠡᠯ — 90 ᠭᠠᠵᠠᠷ ᠬᠤᠯᠠ ᠬᠠᠷᠠᠳᠠᠭ᠃ ᠮᠤᠩᠭᠤᠯᠴᠤᠳ ᠤᠨ ᠨᠡᠭᠦᠳᠡᠯ ᠳᠤ ᠨᠢᠭᠡ | ᠨᠡᠭᠦᠳᠡᠯ ᠨᠢ 30 ᠭᠠᠵᠠᠷ᠃ ᠲᠤᠸᠠ ᠰᠤᠬᠤᠷ 90 ᠭᠠᠵᠠᠷ ᠬᠤᠯᠠ ᠪᠠᠶᠢᠭ᠎ᠠ ᠬᠦᠮᠦᠨ ᠤ ᠵᠢᠰᠦ ᠶᠢ ᠬᠦᠷᠳᠡᠯ᠎ᠡ | ᠲᠤᠳᠤ ᠬᠠᠷᠠᠵᠤ ᠴᠢᠳᠠᠨ᠎ᠠ᠃ ᠪᠤᠳᠠᠳᠤ ᠠᠮᠢᠳᠤᠷᠠᠯ ᠲᠤᠮᠳᠠ ᠡᠶᠢᠮᠦ ᠬᠦᠮᠦᠨ ᠦᠭᠡᠢ᠃ ᠬᠦᠰᠡᠯᠡᠩᠴᠢᠯᠡᠨ | ᠲᠤᠮᠤᠭᠰᠢᠭᠤᠯᠤᠭᠰᠠᠨ ᠨᠢ ᠢᠯᠡᠷᠬᠡᠢ᠃ ᠠᠮᠢᠳᠤᠷᠠᠯ ᠤᠨ ᠲᠤᠮᠳᠠᠬᠢ ᠦᠨᠡᠨ ᠬᠦᠮᠦᠨ ᠲᠤᠮᠤᠭᠰᠢᠬᠤ ᠤᠴᠢᠷ ᠤᠯᠠᠨ | ᠭᠠᠷᠳᠠᠭ᠂ ᠲᠡᠭᠡᠷ᠎ᠡ ᠵᠠᠭᠤᠨ ᠳᠤ ᠢᠯᠡᠷᠡᠭᠰᠡᠨ ᠰᠠᠶᠢᠨ ᠡᠷ᠎ᠡ ᠪᠠᠭᠠᠳᠤᠷᠴᠤᠳ ᠢ ᠲᠤᠮᠤᠭᠰᠢᠭᠤᠯᠤᠭᠰᠠᠨ ᠦᠯᠢᠭᠡᠷ | ᠠᠷᠠᠳ ᠤᠨ ᠲᠤᠮᠳᠠ ᠤᠯᠠᠨ ᠲᠠᠷᠬᠠᠵᠤ ᠪᠠᠶᠢᠭ᠎ᠠ ᠨᠢ ᠤᠶᠢᠷᠠᠬᠠᠨ ᠤ ᠨᠢᠭᠡ ᠵᠢᠱᠢᠶ᠎ᠡ ᠮᠦᠨ᠃ | ᠤᠤᠭᠠᠨ ᠪᠠᠭᠰᠢ ᠠᠯᠤᠩᠭᠤᠸ᠎ᠠ | ᠠᠯᠤᠨ ᠭᠤᠸ᠎ᠠ ᠡᠬᠡ ᠶᠢᠨ ᠲᠠᠪᠤᠨ ᠮᠦᠰᠦ ᠪᠠᠷ ᠬᠡᠦᠬᠡᠳ ᠢᠶᠠᠨ ᠰᠤᠷᠭᠠᠭᠰᠠᠨ ᠲᠤᠮᠤᠭ ᠪᠤᠯ ᠲᠠᠶᠠᠩ ᠲᠡᠯᠡᠬᠡᠢ | ᠳᠤ ᠠᠯᠳᠠᠷᠳᠠᠢ ᠰᠤᠩᠭᠤᠳᠠᠭ ᠦᠯᠢᠭᠡᠷ ᠶᠤᠮ᠃ ᠮᠦᠨ ᠴᠦ ᠮᠤᠩᠭᠤᠯ ᠤᠨ ᠠᠯᠳᠠᠷᠳᠤ ᠲᠤᠮᠤᠭ ᠤᠨ ᠨᠢᠭᠡ ᠨᠢ᠃ | ᠡᠭᠦᠨ ᠳᠤ 3 ᠵᠦᠢᠯ ᠢ ᠡᠷᠬᠡᠪᠰᠢ ᠠᠩᠬᠠᠷᠤᠯᠳᠠᠢ᠃ 1. ᠪᠦᠯᠬᠦᠮᠳᠡᠯ ᠢ ᠤᠬᠠᠭᠤᠯᠵᠤ᠂ ᠬᠠᠭᠠᠴᠠᠯ ᠢ ᠴᠡᠭᠡᠷᠯᠡᠭᠦᠯᠵᠡᠢ᠃ | ᠡᠨᠡ ᠪᠤᠯ ᠨᠠᠭᠠᠳᠤ ᠵᠠᠬ᠎ᠠ ᠶᠢᠨ᠂ ᠬᠠᠮᠤᠭ ᠤᠨ ᠴᠢᠬᠤᠯᠠ᠂ ᠬᠠᠮᠤᠭ ᠤᠨ ᠬᠦᠨᠳᠦ ᠶᠤᠰᠤ ᠪᠤᠯᠤᠨ᠎ᠠ᠃ ᠮᠦᠨ ᠴᠦ | ᠠᠯᠢᠪᠠ ᠤᠴᠢᠷ ᠶᠠᠪᠤᠳᠠᠯ ᠤᠨ ᠡᠬᠢᠯᠡᠯᠳᠡ ᠶᠢᠨ ᠴᠡᠭ ᠮᠦᠷᠳᠡᠭᠡᠨ ᠲᠡᠭᠦᠰᠭᠡᠯ ᠤᠨ ᠴᠡᠭ ᠮᠦᠨ᠃ ᠦᠨᠦᠳᠦᠷ ᠤᠨ | ᠮᠤᠩᠭᠤᠯ ᠦᠨᠳᠦᠰᠦᠳᠡᠨ ᠤ ᠵᠤᠷᠢᠭ ᠰᠠᠨᠠᠭᠠᠨ ᠤ ᠨᠢᠭᠡ ᠪᠤᠯᠬᠤ ︽ᠪᠦᠯᠬᠦᠮᠳᠡᠯ ᠢ ᠡᠷᠬᠢᠮᠯᠡᠵᠤ ᠬᠠᠭᠠᠴᠠᠯ ᠵᠠᠳᠠᠷᠠᠯ ᠢ | ᠴᠡᠭᠡᠷᠯᠡᠬᠦ︾ ᠨᠢ ᠲᠤᠰ ᠰᠤᠷᠭᠠᠯ ᠠᠴᠠ ᠢᠷᠡᠵᠡᠢ᠃ 2. ᠦᠪᠡᠷ ᠤᠨ ᠬᠡᠦᠬᠡᠳ ᠲᠤ ᠪᠠᠨ ᠬᠠᠨ ᠲᠡᠭᠷᠢ ᠠᠴᠠ ᠵᠠᠶᠠᠭ᠎ᠠ | ᠲᠠᠢ᠂ ᠬᠠᠮᠤᠭ ᠤᠯᠤᠰ ᠢ ᠡᠵᠡᠯᠡᠬᠦ ᠬᠤᠪᠢ ᠲᠠᠢ ᠭᠡᠬᠦ ᠲᠡᠭᠷᠢᠯᠢᠭ ᠦᠵᠡᠯ ᠰᠠᠨᠠᠭ᠎ᠠ ᠤᠷᠤᠭᠤᠯᠤᠭᠰᠠᠨ ᠢᠶᠠᠷ ᠪᠠᠷᠠᠬᠤ | ᠦᠭᠡᠢ ᠪᠤᠰᠤᠳ ᠬᠦᠮᠦᠨ ᠳᠤ ᠡᠨᠡ ᠦᠵᠡᠯ ᠰᠠᠨᠠᠭ᠎ᠠ ᠪᠠᠨ ᠤᠬᠠᠭᠤᠯᠵᠠᠢ᠃ ᠡᠨᠡ ᠨᠢ ᠪᠤᠷᠵᠢᠭᠢᠨ ᠤᠪᠤᠭᠳᠠᠨ ᠤ | ᠨᠤᠶᠠᠷᠬᠠᠯ ᠤᠨ ᠦᠵᠡᠯ ᠰᠠᠨᠠᠭᠠᠨ ᠤ ᠰᠠᠭᠤᠷᠢ ᠶᠢ ᠲᠠᠯᠪᠢᠵᠠᠢ᠃ ᠵᠠᠮᠤᠬ᠎ᠠ ᠶᠢᠨ ᠢᠯᠠᠭᠳᠠᠯ ᠠᠴᠠ ᠡᠨᠡ ᠦᠵᠡᠯ | ᠰᠠᠨᠠᠭᠠᠨ ᠤ ᠬᠦᠴᠦᠨ ᠨᠦᠯᠦᠭᠡ ᠬᠡᠳᠦᠢ ᠶᠡᠭᠡ ᠶᠢ ᠮᠡᠳᠡᠵᠤ ᠪᠤᠯᠤᠨ᠎ᠠ᠃ 3. ᠦᠨᠦᠳᠦᠷ ᠤᠨ ᠰᠤᠷᠭᠠᠨ ᠬᠦᠮᠦᠵᠢᠯ | ᠤᠨ ᠮᠡᠷᠭᠡᠵᠢᠯ ᠤᠨ ᠬᠤᠪᠢ ᠠᠴᠠ ᠰᠢᠨᠵᠢᠭᠰᠡᠨ ᠴᠦ ᠪᠤᠳᠠᠳᠠᠢ ᠤᠷᠴᠢᠨ ᠲᠤᠭᠤᠷᠢᠨ ᠳᠤ ᠨᠢ ᠰᠢᠭᠤᠳ ᠬᠠᠷᠠᠭᠤᠯᠬᠤ | ᠠᠷᠭ᠎ᠠ ᠪᠠᠷᠢᠯ ᠢᠶᠠᠷ ᠪᠡᠶ᠎ᠡ ᠪᠠᠷ ᠨᠢ ᠬᠢᠯᠭᠡᠵᠤ ᠤᠬᠠᠭᠠᠷᠠᠭᠤᠯᠤᠭᠰᠠᠨ᠂ ᠬᠠᠨᠳᠤᠯᠭ᠎ᠠ ᠬᠠᠷᠠᠯᠳᠠ ᠲᠤᠳᠤᠷᠬᠠᠢ᠂ | ᠠᠭᠤᠯᠭ᠎ᠠ ᠬᠡᠯᠪᠡᠷᠢ ᠤᠶᠠᠯᠳᠤᠭᠰᠠᠨ ᠰᠤᠷᠭᠠᠨ ᠬᠦᠮᠦᠵᠢᠯ ᠤᠨ ᠰᠤᠳᠤᠨ ᠵᠢᠱᠢᠶ᠎ᠡ ᠪᠤᠯᠤᠨ᠎ᠠ᠃ ᠡᠭᠦᠷᠢᠳᠡ ᠡᠷᠬᠢᠮᠯᠡᠬᠦ | ᠰᠤᠳᠤᠨ ᠰᠤᠶᠤᠯ ᠰᠢᠤ᠃ ᠲᠡᠭᠷᠢ ᠶᠢᠨ ᠬᠦᠪᠡᠭᠦᠨ ᠪᠤᠳᠠᠨᠴᠠᠷ | ᠦᠪᠡᠷ ᠤᠨ ᠲᠡᠭᠡᠳᠦᠰ ᠢᠶᠠᠨ ᠲᠡᠭᠷᠢ ᠶᠢᠨ ᠬᠦᠪᠡᠭᠦᠨ ᠪᠤᠶᠤ ᠰᠠᠬᠢᠭᠤᠯᠰᠤᠨ ᠪᠤᠯᠭᠠᠵᠤ ᠶᠠᠷᠢᠬᠤ ᠤᠴᠢᠷ ᠤᠯᠠᠨ | ᠪᠠᠶᠢᠳᠠᠭ᠃ ᠡᠭᠦᠨ ᠤ ᠵᠤᠷᠢᠯᠭ᠎ᠠ ᠨᠢ ᠲᠡᠳᠡ ᠪᠤᠯ ᠬᠠᠨ ᠲᠡᠭᠷᠢ ᠠᠴᠠ ᠢᠵᠠᠭᠤᠷᠳᠤ᠂ ᠬᠠᠷᠠᠴᠤ ᠠᠷᠠᠳ ᠢ ᠵᠠᠬᠢᠷᠬᠤ | ᠡᠷᠬᠢᠮ ᠵᠠᠶᠠᠭᠠᠳᠤ᠂ ᠬᠠᠯᠳᠠᠵᠤ ᠪᠤᠯᠤᠰᠢ ᠦᠭᠡᠢ ᠬᠠᠨ ᠲᠡᠭᠷᠢᠯᠢᠭ ᠭᠡᠰᠡᠨ ᠰᠠᠨᠠᠭ᠎ᠠ ᠪᠠᠨ ᠤᠯᠠᠨ ᠳᠤ ᠤᠬᠠᠭᠤᠯᠳᠠᠭ᠃ | ᠡᠭᠦᠨ ᠤ ᠨᠢᠭᠡᠨ ᠵᠢᠱᠢᠶ᠎ᠡ ᠨᠢ ᠪᠤᠳᠠᠨᠴᠠᠷ ᠪᠤᠯᠤᠨ᠎ᠠ᠃ ᠪᠤᠳᠠᠨᠴᠠᠷ ᠲᠡᠭᠷᠢ ᠶᠢᠨ ᠬᠦᠦ ᠲᠤᠯᠠ ᠲᠡᠭᠦᠨ ᠤ ᠦᠷ᠎ᠡ | ᠬᠤᠶᠢᠴᠢᠰ ᠪᠤᠯᠬᠤ ᠪᠤᠷᠵᠢᠭᠢᠨ ᠤᠪᠤᠭᠳᠠᠨ ᠮᠤᠩᠭᠤᠯ ᠤᠨ ᠡᠵᠡᠨ ᠬᠠᠭᠠᠨ ᠰᠠᠭᠤᠬᠤ ᠨᠢ ᠵᠦᠢ ᠶᠤᠰᠤᠨ ᠳᠤ | ᠨᠡᠶᠢᠴᠡᠨ᠎ᠡ᠃ ᠦᠭᠡ ᠲᠠᠭᠤ ᠴᠦᠬᠡᠨ᠂ ᠤᠳᠠᠭᠠᠯᠢᠭ ᠬᠦᠳᠡᠯᠭᠡᠭᠡᠨ ᠲᠠᠢ ᠤᠴᠢᠷ ᠠᠴᠠ ᠪᠤᠳᠠᠨᠴᠠᠷ ᠮᠤᠩᠬᠠᠭ ᠭᠡᠰᠡᠨ | ᠬᠤᠴᠢ ᠤᠯᠵᠠᠢ᠃ ᠦᠨᠡᠨ ᠳᠤ ᠪᠠᠨ ᠲᠡᠷᠡ ᠪᠤᠯ ᠬᠡᠷᠡᠭ ᠤᠴᠢᠷ ᠢ ᠨᠢᠮᠪᠠᠢ ᠠᠵᠢᠭᠯᠠᠵᠤ ᠭᠦᠨ ᠪᠤᠳᠤᠯᠬᠢᠯᠠᠳᠠᠭ | ᠤᠬᠠᠭᠠᠯᠢᠭ ᠬᠦᠮᠦᠨ ᠮᠦᠨ᠃ ᠪᠤᠳᠠᠨᠴᠠᠷ᠂ ᠪᠤᠭᠤᠯᠳᠤ ᠨᠡᠶᠢᠭᠡᠮ ᠤᠨ ᠡᠬᠢᠨ ᠤ ᠱᠠᠳᠤᠨ ᠳᠤ ᠠᠮᠢᠳᠤᠷᠠᠵᠤ ᠪᠠᠶᠢᠭᠰᠠᠨ | ᠪᠤᠯᠤᠯᠳᠠᠢ᠃ ᠲᠡᠭᠦᠨ ᠤ ︽ᠪᠡᠶ᠎ᠡ ᠲᠦᠷᠦᠬᠦᠦ ᠲᠠᠢ᠂ ᠲᠡᠪᠡᠯ ᠵᠠᠬ᠎ᠠ ᠲᠠᠢ ᠰᠠᠶᠢᠨ︾ ᠭᠡᠬᠦ ᠲᠠᠨᠢᠯᠳᠠ ᠪᠤᠯ ᠮᠠᠰᠢ | ᠮᠡᠷᠭᠡᠨ ᠲᠡᠨᠢᠯᠳᠠ ᠪᠤᠯᠤᠨ᠎ᠠ᠃ ᠪᠤᠳᠠᠨᠴᠠᠷ ᠤᠨ᠄ ︽ᠦᠬᠦᠪᠡᠰᠦ ᠦᠬᠦᠶ᠎ᠡ᠂ ᠠᠮᠢᠳᠤᠷᠠᠪᠠᠰᠤ ᠠᠮᠢᠳᠤᠷᠠᠶ᠎ᠠ︾ ᠭᠡᠵᠤ | ᠠᠬ᠎ᠠ ᠠᠴᠠ ᠪᠠᠨ ᠰᠠᠯᠵᠤ ᠶᠠᠪᠤᠭᠰᠠᠨ ᠪᠠ ᠬᠠᠷᠴᠠᠭᠠᠢ ᠲᠡᠵᠢᠭᠡᠭᠰᠡᠨ ᠠᠴᠠ ︽ᠪᠡᠶ᠎ᠡ ᠪᠠᠨ ᠢᠳᠡᠭᠡᠬᠦ᠂ ᠬᠦᠴᠢᠷ ᠢ | ᠲᠡᠰᠪᠦᠷᠢᠯᠡᠬᠦ᠂ ᠡᠷᠡᠯᠬᠡᠭ ᠪᠠᠭᠠᠳᠤᠷ᠂ ᠰᠢᠨ᠎ᠡ ᠶᠢ ᠡᠭᠦᠳᠬᠦ︾ ᠵᠡᠷᠭᠡ ᠮᠤᠩᠭᠤᠯ ᠦᠨᠳᠦᠰᠦᠳᠡᠨ ᠤ ᠵᠤᠷᠢᠭ ᠰᠠᠨᠠᠭ᠎ᠠ | ᠶᠢ ᠤᠯᠵᠤ ᠬᠠᠷᠠᠨ᠎ᠠ᠃ ᠪᠡᠶ᠎ᠡ ᠲᠦᠷᠦᠭᠦᠦ ᠲᠠᠢ | ᠲᠡᠪᠡᠯ ᠵᠠᠬ᠎ᠠ ᠲᠠᠢ ᠰᠠᠶᠢᠨ ᠡᠨᠡ ᠦᠭᠡ ᠪᠤᠯ ᠵᠦᠪᠬᠡᠨ ᠪᠠᠯᠠᠷ ᠡᠷᠳᠡᠨ ᠤ ᠬᠦᠢ ᠨᠢᠭᠡᠳᠦᠯ ᠢᠶᠠᠷ ᠢᠶᠠᠨ | ᠪᠠᠶᠢᠭᠰᠠᠨ ᠪᠦᠯᠦᠭ ᠢᠷᠭᠡᠨ ᠢ ᠡᠵᠡᠯᠡᠵᠦ ᠠᠪᠤᠭᠠᠳ ᠪᠤᠭᠤᠯ ᠢᠶᠠᠨ ᠪᠤᠯᠭᠠᠭᠰᠠᠨ ᠨᠤᠶᠠᠷᠬᠠᠭᠴᠢ ᠠᠩᠭᠢ ᠶᠢᠨ ᠦᠵᠡᠯ | ᠰᠠᠨᠠᠭ᠎ᠠ ᠭᠡᠵᠤ ᠤᠶᠢᠯᠠᠭᠠᠵᠤ ᠪᠤᠯᠬᠤ ᠦᠭᠡᠢ᠂ ᠬᠠᠷᠢᠨ ᠲᠦᠷᠦ ᠶᠤᠰᠤ ᠪᠤᠶᠤ ᠶᠤᠰᠤ ᠮᠤᠷᠠᠯ ᠢ ᠦᠭᠦᠯᠡᠭᠰᠡᠨ ᠰᠤᠳᠤᠨ | ᠰᠠᠨᠠᠭ᠎ᠠ ᠪᠦᠬᠦᠢ ᠰᠤᠩᠭᠤᠳᠠᠭ ᠦᠭᠡ ᠭᠡᠵᠤ ᠭᠦᠨᠵᠡᠭᠡᠢ ᠤᠶᠢᠯᠠᠭᠠᠬᠤ ᠬᠡᠷᠡᠭᠳᠡᠢ᠃ ᠲᠤᠰ ᠦᠭᠡᠨ ᠳᠤ ᠶᠤᠰᠤ ᠮᠤᠷᠠᠯ | ᠤᠨ ᠲᠠᠯ᠎ᠠ ᠪᠠᠷ ᠵᠤᠬᠢᠶᠠᠨ ᠪᠠᠶᠢᠭᠤᠯᠤᠯᠳᠠ ᠲᠠᠢ᠂ ᠨᠢᠭᠡᠳᠦᠯᠳᠡᠢ ᠤᠳᠤᠷᠢᠳᠴᠤ ᠲᠠᠭᠠᠭᠤᠯᠬᠤ ᠬᠦᠮᠦᠨ ᠲᠠᠢ ᠪᠤᠯ ᠰᠠᠶ᠋ᠢ | ᠬᠠᠯᠠᠭᠤᠨ ᠵᠠᠭᠤᠷ᠎ᠠ ᠪᠠᠨ ᠪᠦᠯᠬᠦᠮᠳᠡᠨ ᠨᠢᠭᠡᠳᠴᠦ ᠬᠠᠷᠢ ᠲᠠᠶᠢᠰᠤᠨ ᠤ ᠲᠦᠷᠢᠮᠡᠬᠡᠶᠢᠯᠡᠯ ᠢ ᠡᠰᠡᠷᠭᠦᠴᠡᠵᠦ ᠴᠢᠳᠠᠨ᠎ᠠ | ᠭᠡᠰᠡᠨ ᠲᠦᠷᠦ ᠶᠤᠰᠤ ᠶᠢ ᠶᠠᠷᠢᠪᠠ᠃ | ᠮᠤᠩᠭᠤᠯᠴᠤᠳ ᠤᠨ ᠢᠵᠠᠭᠤᠷ ᠡᠭᠦᠰᠦᠯ ᠮᠤᠩᠭᠤᠯᠴᠤᠳ ᠤᠨ ᠢᠵᠠᠭᠤᠷ ᠡᠭᠦᠰᠦᠯ ᠤᠨ ᠲᠤᠬᠠᠢ ᠡᠷᠳᠡᠮᠳᠡᠳ | ᠮᠠᠷᠭᠤᠯᠳᠤᠭᠰᠠᠭᠠᠷ ᠪᠤᠯᠪᠠᠴᠤ ᠡᠷᠳᠡᠨ ᠤ ᠳ᠋ᠦᠩᠬᠤ ᠠᠴᠠ ᠡᠭᠦᠰᠦᠯᠳᠡᠢ ᠭᠡᠳᠡᠭ ᠲᠤ ᠤᠯᠠᠩᠬᠢ ᠡᠷᠳᠡᠮᠳᠡᠨ ᠰᠠᠨᠠᠯ | ᠨᠢᠭᠡᠳᠴᠦ ᠪᠠᠶᠢᠨ᠎ᠠ᠃ ᠳ᠋ᠦᠩᠬᠤ ᠪᠤᠯ ᠠᠳᠠᠯᠢ ᠨᠢᠭᠡ ᠢᠵᠠᠭᠤᠷ ᠡᠭᠦᠰᠦᠯ ᠲᠠᠢ᠂ ᠠᠳᠠᠯᠢ ᠪᠤᠰᠤ ᠨᠤᠳᠤᠭ ᠤᠨ | ᠠᠶᠠᠯᠭᠤ ᠲᠠᠢ᠂ ᠶᠡᠭᠡ ᠪᠠᠭ᠎ᠠ ᠤᠯᠠᠨ ᠠᠶᠢᠮᠠᠭ ᠢ ᠬᠠᠮᠤᠷᠤᠭᠰᠠᠨ ᠠᠶᠢᠮᠠᠭ ᠤᠨ ᠬᠤᠯᠪᠤᠭ᠎ᠠ ᠶᠢᠨ ᠨᠡᠷ᠎ᠡ᠃ ᠲᠡᠷᠡ | ᠦᠶ᠎ᠡ ᠳᠤ ᠮᠤᠩᠭᠤᠯᠴᠤᠳ ᠳ᠋ᠦᠩᠬᠤ ᠶᠢᠨ ᠲᠤᠳᠤᠷᠠᠬᠢ ᠨᠢᠭᠡ ᠠᠶᠢᠮᠠᠭ ᠪᠠᠶᠢᠪᠠ᠃ ᠨᠡᠶᠢᠳᠡ ᠶᠢᠨ ᠤᠨ ᠲᠤᠭᠠᠯᠠᠯ | ᠠᠴᠠ ᠡᠮᠦᠨ᠎ᠡ 209 ᠤᠨ ᠳᠤ ᠾᠦᠩᠨᠦ ᠶᠢᠨ ᠮᠤᠳᠤᠨ ᠴᠠᠨ ᠢᠦᠢ ᠳ᠋ᠦᠩᠬᠤ ᠶᠢ ᠡᠵᠡᠯᠡᠵᠤ ᠾᠦᠩᠨᠦ ᠶᠢᠨ ᠶᠡᠭᠡ | ᠲᠦᠷᠦ ᠶᠢ ᠪᠠᠶᠢᠭᠤᠯᠪᠠ᠃ ᠡᠶᠢᠮᠦ ᠠᠴᠠ ᠵᠠᠷᠢᠮ ᠡᠷᠳᠡᠮᠳᠡᠨ ᠮᠤᠩᠭᠤᠯᠴᠤᠳ ᠢ ᠾᠦᠩᠨᠦ ᠠᠴᠠ ᠡᠭᠦᠰᠦᠯᠳᠡᠢ ᠭᠡᠵᠤ | ᠬᠡᠯᠡᠳᠡᠭ᠃ ᠮᠤᠩᠭᠤᠯ ᠤᠨ ᠲᠤᠬᠠᠢ ᠬᠠᠮᠤᠭ ᠡᠷᠳᠡᠨ ᠤ ᠦᠰᠦᠭ ᠪᠢᠴᠢᠭ ᠤᠨ ᠲᠡᠮᠳᠡᠭᠯᠡᠯ ᠪᠤᠯ ︽ᠮᠧᠩ ᠦ ︵蒙 兀 | ︶︾ ᠭᠡᠵᠤ ︽ᠬᠠᠭᠤᠴᠢᠨ ᠲᠠᠩ ᠤᠯᠤᠰ ᠤᠨ ᠪᠢᠴᠢᠭ︾ ᠲᠤ ᠭᠠᠷᠴᠠᠢ᠃ | ᠪᠡᠷᠭᠡᠨ ᠡᠮ᠎ᠡ ᠡᠷᠳᠡᠨ ᠤ ᠮᠤᠩᠭᠤᠯᠴᠤᠳ ᠤᠳᠤᠮ ᠤᠭᠰᠠᠭ᠎ᠠ ᠪᠠᠨ ᠲᠤᠩ ᠬᠦᠨᠳᠦ ᠦᠵᠡᠳᠡᠭ᠃ ᠡᠶᠢᠮᠦ | ᠠᠴᠠ ᠠᠬ᠎ᠠ ᠨᠢ ᠨᠦᠭᠴᠢᠪᠡᠯ ᠲᠡᠭᠦᠦ ᠨᠢ ᠪᠡᠷᠭᠡᠨ ᠲᠠᠢ ᠪᠠᠨ ᠵᠠᠯᠭᠠᠵᠤ ᠰᠠᠭᠤᠬᠤ ᠵᠠᠩᠰᠢᠯ ᠲᠠᠢ᠃ ᠬᠡᠷᠪᠡ ᠪᠡᠷᠭᠡᠨ ᠨᠢ | ᠪᠤᠰᠤᠳ ᠬᠦᠮᠦᠨ ᠳᠤ ᠤᠴᠢᠪᠠᠯ ᠤᠳᠤ ᠪᠠᠶᠢᠭ᠎ᠠ ᠪᠤᠶᠤ ᠭᠡᠳᠡᠰᠦᠨ ᠳᠤ ᠨᠢ ᠪᠠᠶᠢᠭ᠎ᠠ ᠬᠡᠦᠬᠡᠳ ᠨᠢ ᠲᠠᠭᠠᠭᠠᠳ ᠬᠠᠷᠢ | ᠤᠪᠤᠭ ᠤᠨ ᠬᠢᠨ ᠳᠤ ᠤᠴᠢᠭᠠᠳ ᠵᠠᠳ ᠢᠷᠭᠡᠨ ᠪᠤᠯᠵᠤ ᠦᠢᠯᠡ ᠪᠠᠨ ᠦᠵᠡᠬᠦ ᠪᠤᠯᠤᠨ᠎ᠠ ᠭᠡᠵᠤ ᠦᠵᠡᠳᠡᠭ ᠪᠠᠶᠢᠵᠠᠢ᠃ | ᠭᠡᠷᠢᠶᠡᠰ | ᠨᠦᠭᠴᠢᠭᠰᠡᠨ ᠠᠮᠢ ᠨᠠᠰᠤᠨ ᠤ ᠪᠠᠨ ᠡᠴᠦᠰ ᠤᠨ ᠬᠤᠷᠤᠮ ᠳᠤ ᠶᠠᠮᠠᠷ ᠨᠢᠭᠡᠨ ᠤᠴᠢᠷ ᠶᠠᠪᠤᠳᠠᠯ ᠢ ᠬᠠᠮᠢᠶ᠎ᠠ | ᠪᠦᠬᠦᠢ ᠬᠦᠮᠦᠨ ᠳᠤ ᠪᠠᠨ ᠬᠦᠰᠡᠨ ᠨᠠᠶᠢᠳᠠᠬᠤ ᠶᠢ ᠭᠡᠷᠢᠶᠡᠰ ᠦᠯᠡᠳᠡᠭᠡᠬᠦ ᠭᠡᠳᠡᠭ᠃ ᠭᠡᠷᠢᠶᠡᠰ ᠦᠯᠡᠳᠡᠭᠡᠬᠦ ᠶᠤᠰᠤ | ᠮᠤᠩᠭᠤᠯᠴᠤᠳ ᠤᠨ ᠲᠤᠮᠳᠠ ᠨᠡᠯᠢᠶᠡᠳ ᠡᠷᠳᠡ ᠠᠴᠠ ᠡᠬᠢᠯᠡᠭᠰᠡᠨ ᠪᠤᠯᠤᠯᠳᠠᠢ᠃ ︽ᠨᠢᠭᠤᠴᠠ ᠲᠤᠪᠴᠢᠶᠠᠨ︾ ᠳᠤ | ᠠᠮᠪᠠᠭᠠᠢ ᠬᠠᠭᠠᠨ ᠤ᠂ ᠶᠢᠰᠦᠭᠡᠢ ᠪᠠᠭᠠᠳᠤᠷ ᠤᠨ᠂ ᠬᠤᠶᠢᠯᠳᠠᠷ ᠤᠨ᠂ ᠪᠡᠭᠳᠡᠷ ᠤᠨ᠂ ᠲᠤᠯᠤᠢ ᠶᠢᠨ ᠭᠡᠷᠢᠶᠡᠰ ᠢ | ᠲᠡᠮᠳᠡᠭᠯᠡᠵᠡᠢ᠃ ᠡᠭᠦᠨ ᠤ ᠲᠤᠳᠤᠷ᠎ᠠ ᠠᠮᠪᠠᠭᠠᠢ ᠬᠠᠭᠠᠨ ᠤ ᠭᠡᠷᠢᠶᠡᠰ ᠲᠤ ᠬᠠᠭᠠᠨ ᠡᠷᠬᠡ ᠶᠢ ᠵᠠᠯᠭᠠᠮᠵᠢᠯᠠᠭᠤᠯᠬᠤ᠂ | ᠦᠰ ᠠᠪᠬᠤ᠂ ᠡᠴᠢᠭᠡ ᠨᠢ ᠦᠬᠢᠨ ᠢᠶᠠᠨ ᠬᠦᠷᠭᠡᠵᠤ ᠤᠴᠢᠵᠤ ᠪᠤᠯᠬᠤ ᠦᠭᠡᠢ ᠵᠡᠷᠭᠡ ᠤᠯᠠᠨ ᠤᠴᠢᠷ ᠢ | ᠭᠡᠷᠢᠶᠡᠰᠯᠡᠪᠡ᠃ ᠤᠳᠤ ᠲᠤᠰ ᠭᠡᠷᠢᠶᠡᠰ ᠤᠨ ᠵᠠᠷᠢᠮ ᠨᠢ ᠨᠢᠭᠡᠨᠳᠡ ᠮᠤᠩᠭᠤᠯ ᠵᠠᠩ ᠦᠢᠯᠡ ᠪᠤᠯᠵᠠᠢ᠃ ᠭᠡᠷᠢᠶᠡᠰ ᠪᠤᠯ | ᠨᠠᠰᠤ ᠪᠠᠷᠠᠭᠰᠠᠨ ᠬᠦᠮᠦᠨ ᠲᠠᠢ ᠲᠤᠭᠳᠠᠭᠰᠠᠨ ᠪᠤᠯᠵᠤᠭ᠎ᠠ ᠲᠤᠯᠠ ᠲᠠᠬᠢᠨ ᠪᠤᠴᠠᠵᠤ ᠵᠦᠪᠯᠡᠬᠦ ᠪᠤᠯᠤᠯᠴᠠᠭ᠎ᠠ ᠦᠭᠡᠢ | ᠵᠠᠪᠠᠯ ᠪᠡᠶᠡᠯᠡᠭᠦᠯᠬᠦ ᠬᠦᠨᠳᠦ ᠡᠭᠦᠷᠭᠡ᠃ ︵︽ᠭᠡᠷᠢᠶᠡᠰᠦ︾ ᠭᠡᠵᠤ ᠪᠠᠶᠢᠭᠰᠠᠨ ᠢ ︽ᠭᠡᠷᠢᠶᠡᠰ︾ ᠭᠡᠵᠤ | ᠲᠦᠢᠮᠵᠢᠭᠦᠯᠵᠤ ᠪᠢᠴᠢᠪᠡ︶ ※ ︽ᠮᠤᠩᠭᠤᠯ ᠤᠨ ᠨᠢᠭᠤᠴᠠ ᠲᠤᠪᠴᠢᠶᠠᠨ︾ ᠮᠤᠩᠭᠤᠯ᠂ ᠬᠢᠳᠠᠳ᠂ ᠶᠠᠫᠤᠨ᠂ | ᠤᠷᠤᠰ᠂ ᠭᠧᠷᠮᠠᠨ᠂ ᠹᠷᠠᠨᠼᠢ᠂ ᠺᠠᠽᠠᠭ᠂ ᠠᠩᠭ᠍ᠯᠢ᠂ ᠺᠤᠷᠢᠶᠠ ᠵᠡᠷᠭᠡ ᠬᠡᠯᠡᠨ ᠤ 130 ᠭᠠᠷᠤᠢ ᠪᠠᠷ ᠬᠡᠪᠯᠡᠯ ᠲᠠᠢ᠃ | | | ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ |