| | | | ᠠᠮᠧᠷᠢᠺᠠ ᠶᠢᠨ ᠦᠮᠡᠨ ᠡᠪᠡᠳᠴᠢᠨ ᠢ ᠰᠡᠷᠭᠡᠶᠢᠯᠡᠬᠦ ᠨᠡᠶᠢᠬᠡᠮᠯᠢᠭ ︵ACS︶ ᠤᠨ ᠰᠤᠳᠤᠯᠭᠠᠨ ᠤ | ᠳ᠋ᠦᠩ ᠠᠴᠠ ᠦᠵᠡᠪᠡᠯ᠂ ᠤᠷᠴᠢᠮ ᠤᠨ ᠵᠢᠯ ᠳᠤ 1990 ᠣᠨ ᠠᠴᠠ ᠬᠤᠶᠢᠰᠢ ᠲᠦᠷᠦᠭᠰᠡᠨ ᠵᠠᠯᠠᠭᠤᠴᠤᠳ ᠤᠨ | ᠬᠤᠳᠤᠷᠢᠩᠬᠠᠢ ᠶᠢᠨ ᠦᠮᠡᠨ ᠪᠠ ᠬᠤᠰᠬᠢᠨᠠᠭ ᠤᠨ ᠦᠮᠡᠨ ᠳᠤ ᠨᠡᠷᠪᠡᠭᠳᠡᠬᠦ ᠨᠤᠷᠮ᠎ᠠ ᠨᠢ ᠢᠯᠡᠷᠬᠡᠢ ᠨᠡᠮᠡᠭᠳᠡᠵᠦ ᠪᠠᠶᠢᠬᠤ | ᠪᠦᠬᠡᠳ ᠡᠨᠡᠬᠦ ᠨᠣᠷᠮ᠎ᠠ ᠨᠢ 1950 ᠤᠨ ᠠᠴᠠ ᠬᠤᠶᠢᠰᠢ ᠲᠦᠷᠦᠭᠰᠡᠨ ᠬᠦᠮᠦᠰ ᠤᠨ 2 ~ 4 ᠳᠠᠬᠢᠨ ᠪᠤᠯᠤᠬᠰᠠᠨ | ᠪᠠᠶᠢᠨ᠎ᠠ᠃ ᠲᠡᠭᠡᠪᠡᠯ ᠤᠳᠤ ᠶᠢᠨ ᠵᠠᠯᠠᠭᠤᠴᠤᠳ ᠶᠠᠭᠠᠬᠢᠭᠠᠳ ᠭᠡᠳᠡᠰᠤᠨ ᠤ ᠦᠮᠡᠨ ᠳᠤ ᠡᠶᠢᠮᠦ ᠠᠮᠠᠷᠬᠠᠨ ᠨᠡᠷᠪᠡᠭᠳᠡᠬᠦ | ᠪᠤᠯᠤᠬᠰᠠᠨ ᠪᠤᠢ︖ ᠭᠡᠪᠡᠯ ᠡᠨᠡ ᠨᠢ ᠲᠡᠳᠡᠨ ᠤ ᠢᠳᠡᠬᠡᠨ ᠤ ᠳᠠᠳᠬᠠᠯ ᠵᠢᠴᠢ ᠠᠮᠢᠳᠤᠷᠠᠯ ᠤᠨ ᠳᠠᠳᠬᠠᠯ ᠲᠠᠢ | ᠨᠢᠭᠲᠠ ᠬᠤᠯᠪᠤᠭ᠎ᠠ ᠲᠠᠢ ᠶᠤᠮ᠃ ᠨᠢᠭᠡ᠂ ᠦᠬᠡᠬᠦᠯᠢᠭ ᠢᠳᠡᠬᠡᠨ ᠢ ᠬᠡᠳᠦᠷᠬᠡᠢ ᠢᠳᠡᠬᠦ ︽ᠡᠰ ︵cell︶︾ | ᠰᠡᠳᠬᠦᠯ ᠳᠤ ᠨᠡᠶᠢᠳᠡᠯᠡᠭᠰᠡᠨ ᠨᠢᠭᠡ ᠰᠤᠳᠤᠯᠭᠠᠨ ᠤ ᠳ᠋ᠦᠩ ᠳᠤ᠂ ᠦᠬᠡᠬᠦᠯᠢᠭ ᠢᠳᠡᠬᠡᠨ ᠨᠢ ᠭᠡᠳᠡᠰᠤᠨ ᠤ ᠦᠮᠡᠨ ᠢ ︽ | ᠲᠦᠷᠭᠡᠨ ᠡᠭᠦᠰᠬᠡᠭᠴᠢ︾ ᠪᠣᠯᠬᠤ ᠶᠢ ᠣᠯᠵᠤ ᠮᠡᠳᠡᠵᠡᠢ᠃ ᠡᠬᠦᠨ ᠠᠴᠠ ᠦᠵᠡᠬᠦ ᠳᠤ ᠦᠬᠡᠬᠦᠯᠢᠭ ᠢᠳᠡᠬᠡᠨ | ᠬᠡᠲᠦᠷᠬᠡᠢ ᠢᠳᠡᠬᠦ ᠨᠢ ᠭᠡᠳᠡᠰᠤᠨ ᠤ ᠦᠮᠡᠨ ᠳᠤ ᠨᠡᠷᠪᠡᠭᠳᠡᠬᠦ ᠪᠤᠯᠤᠮᠵᠢ ᠶᠢ ᠶᠡᠭᠡ ᠪᠠᠷ ᠨᠡᠮᠡᠭᠳᠡᠬᠦᠯᠳᠡᠭ ᠪᠠᠶᠢᠨ᠎ᠠ᠃ | ᠬᠤᠶᠠᠷ᠂ ᠲᠠᠮᠠᠬᠢ ᠲᠠᠲᠠᠬᠤ ᠳᠡᠯᠡᠬᠡᠢ ᠶᠢᠨ ᠡᠷᠡᠬᠦᠯ ᠬᠠᠮᠠᠭᠠᠯᠠᠯ ᠤᠨ ᠪᠠᠶᠢᠭᠤᠯᠭ᠎ᠠ ᠶᠢᠨ ᠨᠡᠶᠢᠳᠡᠯᠡᠭᠰᠡᠨ ︽ᠳᠠᠮᠠᠬᠢᠨ ᠤ | ᠬᠥᠮᠥᠨ ᠳᠤ ᠦᠵᠡᠭᠦᠯᠬᠦ ᠬᠤᠣᠷ ᠨᠥᠯᠥᠭᠡ︾ ᠭᠡᠳᠡᠭ ᠵᠣᠬᠢᠶᠠᠯ ᠳᠤ ᠲᠡᠮᠳᠡᠭᠯᠡᠬᠦ ᠳᠡᠭᠡᠨ᠂ ᠳᠠᠮᠠᠬᠢᠨ ᠤ ᠪᠦᠷᠢᠯᠳᠦᠬᠦᠨ | ᠪᠤᠯᠬᠤ ᠤᠯᠠᠨ ᠬᠢᠮᠢ ᠶᠢᠨ ᠪᠦᠳᠦᠭᠡᠭᠳᠡᠬᠦᠨ ᠤ ᠲᠤᠳᠤᠷ᠎ᠠ ᠨᠠᠭᠠᠲᠤ ᠵᠠᠬ᠎ᠠ ᠳᠠᠭᠠᠨ 70 ᠲᠦᠷᠦᠯ ᠨᠢ ᠦᠮᠡᠨ | ᠡᠭᠦᠰᠬᠡᠵᠦ ᠮᠡᠳᠡᠨ᠎ᠡ ᠭᠡᠵᠡᠢ᠃ ᠭᠤᠷᠪᠠ᠂ ᠤᠷᠳᠤ ᠬᠤᠭᠤᠴᠠᠭ᠎ᠠ ᠪᠠᠷ ᠰᠠᠭᠤᠵᠦ ᠬᠦᠳᠡᠯᠬᠡᠬᠡᠨ ᠬᠢᠬᠦ ᠦᠬᠡᠢ ᠪᠠᠶᠢᠬᠤ | 2017 ᠤᠨ ᠤ 9 ᠳ᠋ᠦ᠋ᠭᠡᠷ ᠰᠠᠷ᠎ᠠ ᠳᠤ᠂ ᠠᠩᠭ᠍ᠯᠢ ᠶᠢᠨ ︽ᠳᠡᠯᠡᠬᠡᠢ ᠶᠢᠨ ᠲᠠᠬᠤᠯ ᠡᠪᠡᠳᠴᠢᠨ ᠤ ᠤᠬᠠᠭᠠᠨ ᠤ | ᠰᠡᠳᠬᠦᠯ︾ ᠳᠡᠬᠡᠷ᠎ᠡ ᠨᠡᠶᠢᠳᠡᠯᠡᠭᠰᠡᠨ ᠰᠤᠳᠤᠯᠭᠠᠨ ᠤ ᠳ᠋ᠦᠩ ᠠᠴᠠ ᠦᠵᠡᠪᠡᠯ᠂ ᠠᠯᠪᠠᠨ ᠭᠡᠷ ᠲᠤ ᠤᠳᠠᠭᠠᠨ ᠰᠠᠭᠤᠵᠦ | ᠬᠦᠳᠡᠯᠬᠡᠬᠡᠨ ᠬᠢᠳᠡᠭ ᠦᠬᠡᠢ ᠬᠦᠮᠦᠨ ᠤ ᠭᠡᠳᠡᠰᠤᠨ ᠤ ᠦᠮᠡᠨ ᠳᠤ ᠨᠡᠷᠪᠡᠭᠳᠡᠬᠦ ᠪᠤᠯᠤᠮᠵᠢ ᠪᠤᠰᠤᠳ ᠬᠥᠮᠥᠰ ᠠᠴᠠ | 44% ᠪᠠᠷ ᠨᠡᠮᠡᠭᠳᠡᠨ᠎ᠡ᠂ ᠡᠶᠢᠮᠦ ᠠᠴᠠ ᠵᠤᠬᠢᠬᠤ ᠬᠡᠮᠵᠢᠶᠡᠨ ᠤ ᠬᠦᠳᠡᠯᠬᠡᠬᠡᠨ ᠬᠢᠬᠦ ᠨᠢ ᠬᠤᠳᠤᠷᠢᠩᠬᠠᠢ ᠶᠢᠨ ᠦᠮᠡᠨ᠂ | ᠬᠤᠰᠬᠢᠨᠠᠭ ᠤᠨ ᠦᠮᠡᠨ ᠳᠤ ᠨᠡᠷᠪᠡᠭᠳᠡᠬᠦ ᠠᠶᠤᠯ ᠢ ᠪᠠᠭᠠᠰᠬᠠᠨ᠎ᠠ ᠭᠡᠵᠡᠢ᠃ ᠳᠦᠷᠪᠠ᠂ ᠪᠦᠳᠦᠬᠦᠯᠢᠭ ᠬᠤᠭᠤᠯᠠ᠂ | ᠵᠢᠮᠢᠰ ᠨᠤᠭᠤᠭ᠎ᠠ ᠪᠠᠭ᠎ᠠ ᠢᠳᠡᠬᠦ ᠤᠳᠤ ᠶᠢᠨ ᠬᠦᠮᠦᠰ ᠬᠤᠭᠤᠯᠠᠯᠠᠬᠤ ᠳᠠᠭᠠᠨ ᠪᠦᠷ ᠳᠤᠳᠤᠷᠭ᠎ᠠ ᠴᠠᠭᠠᠨ ᠭᠤᠯᠢᠷ᠂ | ᠮᠢᠬ᠎ᠠ ᠲᠤᠰᠤ ᠪᠠᠷ ᠭᠤᠣᠯᠯᠠᠭᠤᠯᠵᠤ᠂ ᠪᠠᠶᠢᠭᠠᠯᠢᠯᠢᠭ ᠨᠤᠭᠤᠭ᠎ᠠ ᠴᠠᠭ᠎ᠠ᠂ ᠵᠢᠮᠢᠰ ᠪᠠ ᠪᠦᠳᠦᠬᠦᠯᠢᠭ ᠠᠮᠤ ᠪᠠᠭ᠎ᠠ | ᠢᠳᠡᠬᠦ ᠪᠤᠯᠵᠠᠢ᠃ ᠦᠨᠡᠨ ᠳᠡᠭᠡᠨ ᠪᠦᠳᠦᠬᠦᠯᠢᠭ ᠠᠮᠤ᠂ ᠨᠤᠭᠤᠭ᠎ᠠ ᠵᠢᠮᠢᠰ ᠵᠡᠷᠬᠡ ᠳᠤ ᠡᠯᠪᠡᠭ ᠪᠠᠶᠠᠯᠢᠭ ᠢᠳᠡᠰᠢᠨ ᠤ | ᠰᠢᠷᠭᠡᠭᠯᠢᠭ ᠠᠭᠤᠯᠤᠬᠳᠠᠵᠦ ᠪᠠᠶᠢᠬᠤ ᠪᠥᠭᠡᠳ ᠲᠡᠷᠡ ᠨᠢ ᠭᠡᠳᠡᠰᠤᠨ ᠤ ᠦᠮᠡᠨ ᠳᠤ ᠨᠡᠷᠪᠡᠭᠳᠡᠬᠦ ᠠᠶᠤᠯ ᠢ ᠵᠣᠬᠢᠬᠤ | ᠬᠡᠮᠵᠢᠶ᠎ᠡ ᠪᠠᠷ ᠪᠠᠭᠠᠰᠬᠠᠵᠦ ᠴᠢᠳᠠᠨ᠎ᠠ᠃ ᠭᠡᠳᠡᠰᠤᠨ ᠤ ᠦᠮᠡᠨ ᠢ ᠤᠷᠢᠳᠴᠢᠯᠠᠨ ᠰᠡᠷᠬᠡᠶᠢᠯᠡᠬᠦ ᠳᠤ ︽ᠢᠳᠡᠬᠡᠨ | ᠤᠮᠳᠠᠭᠠᠨ᠂ ᠬᠦᠳᠡᠯᠬᠡᠬᠡᠨ ᠪᠠ ᠪᠡᠶ᠎ᠡ ᠶᠢᠨ ᠰᠢᠨᠵᠢᠯᠡᠭᠡ︾ ᠵᠡᠷᠭᠡ ᠶᠢ ᠬᠠᠮᠲᠤ ᠳᠤᠨᠢ ᠴᠢᠬᠤᠯᠠᠴᠢᠯᠠᠬᠤ ᠬᠡᠷᠡᠭᠳᠡᠢ᠃ | ᠢᠳᠡᠬᠡᠨ ᠤᠮᠳᠠᠭᠠᠨ ᠤ ᠳᠠᠯ᠎ᠠ ᠪᠠᠷ᠂ ᠥᠭᠡᠬᠦ ᠪᠠ ᠮᠢᠬ᠎ᠠ ᠲᠤᠰᠤ ᠶᠢ ᠪᠠᠭ᠎ᠠ ᠢᠳᠡᠵᠦ᠂ ᠨᠤᠭᠤᠭ᠎ᠠ ᠵᠢᠮᠢᠰ ᠪᠠ | ᠪᠦᠳᠦᠬᠦᠯᠢᠭ ᠠᠮᠤ ᠶᠢ ᠢᠯᠡᠬᠦᠦ ᠢᠳᠡᠬᠦ ᠬᠡᠷᠡᠭᠳᠡᠢ᠃ ᠤᠷᠳᠤ ᠬᠤᠭᠤᠴᠠᠭ᠎ᠠ ᠰᠠᠭᠤᠵᠦ ᠬᠦᠳᠡᠯᠬᠡᠬᠡᠨ ᠬᠢᠳᠡᠭ ᠦᠬᠡᠢ | ᠬᠦᠮᠦᠰ ᠡᠨᠡᠬᠦ ᠳᠠᠳᠬᠠᠯ ᠢᠶᠠᠨ ᠳᠠᠶᠠᠬᠳᠠᠵᠦ ᠢᠯᠡᠬᠦᠦ ᠬᠦᠳᠡᠯᠬᠡᠬᠡᠨ ᠬᠢᠬᠦ ᠬᠡᠷᠡᠭᠳᠡᠢ᠃ ᠬᠡᠷᠪᠡ ᠳᠤᠤᠷᠠᠬᠢ ᠮᠡᠳᠤ ᠶᠢᠨ | ᠪᠠᠶᠢᠳᠠᠯ ᠢᠯᠡᠷᠡᠪᠡᠯ ᠳᠦᠷᠬᠡᠨ ᠭᠡᠳᠡᠰᠦᠨ ᠤ ᠰᠢᠨᠵᠢᠯᠡᠭᠡ ᠬᠢᠯᠭᠡᠬᠦ ᠬᠡᠷᠡᠭᠳᠡᠢ᠄ 1. ᠪᠠᠶᠢᠩᠭᠤ ᠰᠠᠭᠤᠯᠭᠠᠬᠤ 2. | ᠡᠭᠡᠯᠵᠢᠯᠡᠨ ᠰᠠᠭᠤᠯᠭᠠᠵᠤ ᠬᠤᠷᠭᠤᠰᠤᠯᠠᠬᠤ 3. ᠲᠤᠤᠱᠲᠠᠢ ᠰᠠᠶᠢᠨ ᠭᠠᠳᠠᠭᠠᠯᠠᠵᠤ ᠳᠡᠶᠢᠯᠬᠦ ᠦᠬᠡᠢ ᠪᠠᠶᠢᠬᠤ 4. | ᠳᠠᠪᠤᠰᠠᠩ ᠤᠨ ᠬᠡᠰᠡᠭ ᠡᠪ ᠦᠬᠡᠶᠢᠷᠡᠨ᠂ ᠭᠠᠳᠠᠭᠠᠯᠠᠵᠤ ᠳᠡᠶᠢᠯᠬᠦ ᠦᠭᠡᠢ ᠪᠠᠶᠢᠬᠤ ᠵᠡᠷᠭᠡ᠃ | |