ᠮᠤᠩᠭᠤᠯ ᠮᠤᠷᠢ ᠶᠢᠨ ᠦᠯᠢᠬᠡᠷ ᠲᠡᠤᠬᠡ
ᠨᠡᠶᠢᠲᠡᠯᠡᠭᠰᠡᠨ ᠴᠠᠭ᠄
2016/4/13
   
     ᠮᠤᠩᠭᠤᠯ ᠮᠤᠷᠢ ᠮᠤᠩᠭᠤᠯ ᠤᠨ ᠥᠨᠳᠦᠷᠯᠢᠭ ᠠᠴᠠ ᠢᠷᠡᠯᠳᠠᠢ᠂ ᠬᠠᠭᠠᠰ ᠵᠡᠷᠯᠢᠭ ᠪᠠᠶᠢᠳᠠᠯ ᠳᠤ ᠤᠷᠤᠰᠢᠵᠥ᠂ ᠲᠡᠳᠡᠨ ᠳᠤ ᠲᠠᠭᠠᠳᠠᠢ ᠲᠠᠪᠠᠳᠠᠢ ᠤᠷᠤᠰᠢᠨ ᠠᠮᠢᠳᠤᠷᠠᠬᠤ ᠬᠠᠰᠢᠶ᠎ᠠ ᠰᠠᠷᠠᠪᠴᠢ ᠪᠠᠶᠢᠬᠤ ᠥᠬᠡᠢ ᠪᠠᠷ ᠥᠯᠥ ᠪᠠᠷᠠᠮ ᠰᠥᠯ ᠰᠠᠶᠢᠳᠠᠢ ᠡᠪᠡᠰᠤ ᠪᠤᠷᠳᠤᠭ᠎ᠠ ᠴᠦ ᠪᠠᠶᠢᠬᠤ ᠥᠬᠡᠢ᠂ ᠥᠨᠡᠭᠡ ᠴᠢᠨ᠋ᠸ᠎ᠠ ᠢᠯᠡᠷᠡᠬᠦ ᠥᠬᠡᠢ ᠪᠤᠯᠤᠬᠰᠠᠨ ᠲᠠᠯ᠎ᠠ ᠨᠤᠳᠤᠬ ᠲᠤ ᠭᠡᠭᠡᠷ᠎ᠠ ᠬᠤᠨᠤᠵᠥ ᠬᠠᠳᠠ ᠲᠡᠷᠯᠡᠵᠥ᠂ ᠠᠭᠠᠬᠢᠮ᠎ᠠ ᠵᠤᠨ ᠤ ᠬᠠᠯᠠᠭᠤᠨ ᠢ ᠲᠡᠰᠪᠤᠷᠢᠯᠡᠨ᠂ ᠡᠪᠤᠯ ᠤᠯᠠᠷᠢᠯ ᠤᠨ ᠲᠡᠭ ᠠᠴᠠ ᠲᠤᠷᠤᠬᠰᠢ 40 ᠭᠷᠡᠳᠦ᠋ᠰ ᠤᠨ ᠲᠡᠰᠬᠢᠮ᠎ᠠ ᠬᠥᠢᠳᠡᠨ ᠢ ᠲᠡᠰᠪᠤᠷᠢᠯᠡᠨ᠂ 8 ᠴᠠᠬ ᠲᠤ 60 ᠺᠢᠯᠥᠮᠧᠲᠷ ᠠᠶᠠᠯᠠᠳᠠᠬ᠃ ᠤᠶᠠᠭᠠᠴᠢ ᠶᠢᠨ ᠰᠤᠷᠭᠠᠯ ᠢ ᠬᠥᠷᠳᠡᠭᠰᠡᠨ ᠮᠤᠩᠭᠤᠯ ᠮᠤᠷᠢ ᠪᠠᠶᠢᠯᠳᠤᠭᠠᠨ ᠤ ᠲᠠᠯᠠᠪᠠᠢ ᠳᠤ ᠪᠠᠴᠢᠮᠳᠠᠵᠥ ᠰᠠᠨᠳᠤᠷᠬᠤ ᠥᠬᠡᠢ᠂ ᠡᠷᠡᠯᠭᠡᠭ ᠲᠤᠬᠰᠢᠨ ᠵᠠᠩ ᠠᠷᠠᠨᠰᠢᠯ ᠢ ᠢᠯᠡᠷᠡᠬᠦᠯᠵᠥ᠂ ᠲᠡᠤᠭᠡᠨ ᠠᠴᠠ ᠠᠪᠤᠭᠠᠳ ᠨᠢᠭᠡᠨ ᠰᠢᠯᠢᠳᠡᠭ ᠴᠡᠷᠢᠭ ᠤᠨ ᠠᠬᠳᠠ ᠪᠤᠯᠤᠬᠰᠠᠭᠠᠷ ᠢᠷᠡᠪᠠ᠃      ᠮᠤᠩᠭᠤᠯ ᠮᠤᠷᠢ ᠶᠢᠨ ᠪᠡᠶ᠎ᠠ ᠨᠢ ᠪᠠᠭ᠎ᠠ᠃ ᠬᠡᠪᠡᠴᠤ᠂ ᠲᠡᠷᠡ ᠴᠠᠰᠤ ᠰᠢᠭᠤᠷᠭ᠎ᠠ ᠰᠠᠯᠬᠢ ᠪᠤᠷᠤᠭᠠᠨ ᠶᠡᠬᠡᠳᠠᠢ ᠲᠠᠯ᠎ᠠ ᠨᠤᠳᠤᠬ ᠲᠤ᠂ ᠡᠷᠡᠯᠭᠡᠭ ᠲᠤᠬᠰᠢᠨ ᠵᠠᠩ ᠠᠷᠠᠨᠰᠢᠯ ᠢᠶᠠᠨ ᠲᠠᠶᠠᠬᠳᠠᠭ᠎ᠠ ᠥᠬᠡᠢ᠂ ᠡᠷᠴᠢ ᠬᠥᠴᠥᠳᠤ ᠲᠤᠭᠤᠷᠠᠢ ᠪᠠᠷ ᠢᠶᠠᠨ ᠥᠨᠡᠭᠡ ᠴᠢᠨ᠋ᠸ᠎ᠠ ᠶᠢ ᠢᠰᠬᠦᠯᠳᠡᠭ᠃ ᠲᠠᠷᠢᠶᠠᠯᠠᠩ ᠤᠨ ᠶᠠᠮᠤᠨ ᠠᠴᠠ ᠮᠤᠩᠭᠤᠯ ᠮᠤᠷᠢ ᠢ 138 ᠤᠯᠤᠰ ᠤᠨ ᠲᠡᠰ ᠤᠨ ᠠᠮᠢᠳᠠᠨ ᠵᠢᠬᠦᠷᠳᠡᠨ ᠤ ᠤᠯᠠᠮᠵᠢᠯᠠᠯᠳᠤᠡᠭᠢ ᠪᠠᠶᠠᠯᠢᠬ ᠢ ᠬᠠᠮᠠᠭᠠᠯᠠᠬᠤ ᠲᠥᠷᠥᠯ ᠵᠢᠰᠥᠮ ᠤᠨ ᠨᠢᠬᠡ ᠪᠠᠷ ᠲᠤᠬᠳᠠᠭᠠᠬᠳᠠᠵᠠᠢ᠃      ᠮᠤᠩᠭᠤᠯ ᠮᠤᠷᠢ ᠲᠤᠮᠳᠠᠳᠤ ᠤᠯᠤᠰ ᠤᠨ ᠤᠮᠠᠷᠠᠳᠤ ᠤᠷᠤᠨ ᠵᠢᠴᠢ ᠮᠤᠩᠭᠤᠯ ᠤᠯᠤᠰ ᠪᠤᠯᠤᠨ ᠤᠷᠤᠰ ᠤᠨ ᠭᠡᠰᠡᠭ ᠭᠠᠵᠠᠷ ᠤᠷᠤᠨ ᠢᠶᠠᠷ ᠥᠷᠭᠡᠨ ᠲᠠᠷᠬᠠᠵᠥ ᠪᠤᠢ᠃ ᠠᠯᠢ ᠡᠷᠳᠡ ᠲᠥᠷᠪᠡ ᠲᠠᠪᠤᠨ ᠮᠢᠩᠭᠠᠨ ᠵᠢᠯ ᠤᠨ ᠡᠮᠥᠨ᠎ᠠ᠂ ᠮᠠᠨ ᠤ ᠤᠯᠤᠰ ᠤᠨ ᠤᠮᠠᠷᠠᠳᠤ ᠶᠢᠨ ᠥᠨᠳᠥᠰᠥᠳᠡᠨ ᠠᠳᠤᠭᠤ ᠤᠷᠠᠭᠠᠯᠠᠬᠤ ᠮᠤᠷᠢ ᠤᠶᠠᠬᠤ ᠵᠡᠷᠭᠡ ᠰᠤᠷᠭᠠᠯ ᠢ ᠬᠢᠵᠥ ᠪᠠᠶᠢᠪᠠ᠃ ︽ᠬᠠᠨ ᠤᠯᠤᠰ ᠤᠨ ᠪᠢᠴᠢᠭ · ᠾᠸᠡᠭᠨᠤ ᠶᠢᠨ ᠨᠠᠮᠳᠠᠷ︾ ᠲᠤ ᠲᠡᠮᠳᠡᠭᠯᠡᠭᠰᠡᠨ ᠢᠶᠠᠷ᠄ ᠶᠤᠤ ᠰᠥᠨ ᠠᠴᠠ ᠡᠮᠥᠨ᠎ᠠ᠂ ᠤᠮᠠᠷᠠᠳᠤ ᠬᠢᠯᠢ ᠪᠠᠷ ᠨᠤᠳᠤᠬᠰᠢᠨᠰᠠᠭᠤᠭ᠎ᠠ ᠾᠸᠡᠭᠨᠤᠴᠤᠳ ᠤᠰᠤ ᠡᠪᠡᠰᠤᠨ ᠤ ᠰᠤᠷᠭᠤᠬ ᠢ ᠲᠠᠭᠠᠨ ᠨᠡᠬᠦᠨ ᠰᠢᠯᠵᠢᠵᠥ᠂ ᠠᠳᠤᠭᠤ ᠮᠠᠯ ᠴᠤ ᠲᠠᠭᠠᠨ ᠨᠡᠬᠦᠨ ᠰᠢᠯᠵᠢᠵᠠᠢ᠃ ᠡᠶᠢᠨᠬᠦ ᠾᠸᠡᠭᠨᠤᠴᠤᠳ ᠤᠨ ᠮᠤᠷᠢ ᠮᠡᠳᠡᠭᠳᠡᠮ᠎ᠠ ᠤᠯᠠᠰᠢᠷᠡᠪᠠ᠃ ᠨᠡᠶᠢᠳᠡ ᠶᠢᠨ ᠤᠨ ᠲᠤᠭᠠᠯᠠᠯ ᠠᠴᠠ ᠡᠮᠥᠨ᠎ᠠ 200 ᠤᠨ ᠳᠤ᠂ ᠬᠠᠨ ᠭᠤᠤᠽᠤ ᠯᠢᠤ ᠪᠠᠨᠭ᠌ ᠾᠸᠡᠭᠨᠤᠴᠤᠳ ᠤᠨ ᠵᠥᠭ ᠲᠠᠭᠠᠷᠢᠯᠳᠠ ᠬᠢᠵᠥ᠂ ᠪᠠᠢ ᠳ᠋ᠸᠡᠭ ᠳᠤ 30 ᠭᠠᠷᠤᠢ ᠲᠥᠮᠡᠨ ᠮᠤᠷᠢᠳᠤ ᠴᠡᠷᠢᠭ ᠢ 7ᠡᠳᠤᠷ ᠪᠥᠰᠡᠯᠡᠨ ᠴᠤᠬᠢᠪᠠ᠃ ᠬᠠᠨ ᠡᠥ ᠳ᠋ᠢ ᠬᠠᠭᠠᠨ ᠾᠸᠡᠭᠨᠤᠴᠤᠳ ᠲᠠᠢ ᠪᠠᠶᠢᠯᠳᠤᠬᠤ ᠲᠤᠮᠳᠠ ᠤᠯᠠᠨ ᠤᠳᠠᠭ᠎ᠠ ᠶᠡᠭᠡ ᠬᠡᠮᠵᠢᠶᠠᠨ ᠤ ᠮᠤᠷᠢᠳᠤ ᠴᠡᠷᠢᠭ ᠢ ᠲᠠᠶᠢᠴᠢᠯᠠᠬᠤ ᠶᠢᠨ ᠬᠠᠮᠳᠤ ᠾᠸᠡᠭᠨᠤ ᠶᠢᠨ ᠲᠥᠷᠥᠬᠦᠥ ᠶᠢᠨ ᠿᠢ ᠴᠠᠨ ᠢᠤᠢ ᠪᠠᠷ ᠬᠠᠨ ᠤᠯᠤᠰ ᠤᠨ ᠮᠤᠷᠢᠨ ᠶᠠᠮᠤᠨ ᠤ ᠲᠤᠰᠢᠶᠠᠯ ᠳᠤ ᠲᠤᠮᠢᠯᠠᠨ ᠭᠡᠷᠡᠭᠯᠡᠵᠥ᠂ ᠠᠷᠠᠳ ᠤᠨ ᠲᠤᠮᠳᠠ ᠮᠤᠷᠢ ᠲᠡᠵᠢᠬᠡᠬᠦ ᠥᠢᠯᠡᠰ ᠤᠷᠢᠳ ᠡᠮᠥᠨ᠎ᠠ ᠭᠠᠷᠤᠭ᠎ᠠ ᠥᠬᠡᠢ ᠬᠥᠭᠵᠢᠵᠠᠢ᠃ ᠪᠠᠷᠠᠭᠤᠨ ᠶᠢᠨ ᠤᠯᠤᠰ ᠤᠨ ᠲᠠᠷᠠᠭ᠎ᠠ᠂ ᠪᠤᠭᠤᠮᠳᠠ ᠶᠢᠨ ᠭᠠᠳᠠᠨᠠᠬᠢ ᠡᠯ᠎ᠠ ᠥᠨᠳᠥᠰᠥᠳᠡᠨ ᠵᠡᠷᠭᠡᠪᠡᠷ ᠡᠮᠤᠨᠡᠰᠢ ᠨᠡᠬᠦᠳᠠᠯᠯᠠᠵᠥ᠂ ᠲᠥᠮᠡᠨ ᠮᠢᠩᠭᠠᠨ ᠠᠳᠤᠭᠤ ᠶᠢ ᠲᠠᠭᠠᠭᠤᠯᠤᠨ ᠠᠪᠴᠢᠷᠠᠪᠠ᠃ ᠴᠡᠴᠡᠭᠯᠡᠨ ᠬᠥᠭᠵᠢᠭᠰᠡᠨ ᠲᠠᠩ ᠤᠯᠤᠰ ᠤᠨ ᠥᠶᠡᠰ‌‍ᠲ᠋ᠣ᠂ ᠤᠮᠠᠷᠠᠳᠤ ᠶᠢᠨ ᠡᠯ᠎ᠠ ᠥᠨᠳᠥᠰᠥᠳᠡᠨ ᠰᠢᠯᠢᠳᠡᠭ ᠠᠳᠤᠭᠤ ᠮᠤᠷᠢ ᠪᠠᠷ ᠬᠠᠭᠠᠨ ᠤ ᠤᠷᠳᠤᠨ ᠳᠤ ᠤᠷᠤᠳᠠᠬ ᠪᠠᠶᠢᠪᠠ᠃ ᠡᠳᠡᠭᠡᠷ ᠨᠢ ᠪᠥᠷ ᠮᠤᠩᠭᠤᠯ ᠮᠤᠷᠢ ᠲᠠᠢ ᠲᠥᠰᠥᠭᠡᠳᠠᠢ᠂ ᠪᠥᠷ ᠮᠤᠩᠭᠤᠯ ᠮᠤᠷᠢ ᠶᠢᠨ ᠤᠳᠤᠮ ᠤᠬᠰᠠᠭ᠎ᠠ ᠪᠤᠯᠤᠨ᠎ᠠ᠃ ᠤᠮᠠᠷᠠᠳᠤ ᠰᠥᠡᠭ ᠤᠯᠤᠰ ᠤᠨ ᠥᠶ᠎ᠠ ᠳᠤ ᠵᠡᠬᠦᠨ ᠬᠤᠶᠢᠳᠤ ᠶᠢᠨ ᠬᠢᠳᠠᠨ ᠠᠳᠤᠭᠤ ᠪᠤᠯ ᠪᠠᠰᠠ ᠮᠤᠩᠭᠤᠯ ᠮᠤᠷᠢ ᠪᠤᠯᠤᠨ᠎ᠠ᠂ ᠡᠨᠡ ᠨᠢ ᠵᠠᠬᠦᠨ ᠬᠤᠶᠢᠳᠤ ᠶᠢᠨ ᠭᠤᠷᠪᠠᠨ ᠮᠤᠵᠢ ᠳᠤ ᠠᠯᠢ ᠡᠷᠳᠡ ᠠᠴᠠ ᠮᠤᠩᠭᠤᠯ ᠮᠤᠷᠢ ᠪᠠᠶᠢᠬᠰᠠᠨ ᠢ ᠲᠤᠳᠤᠷᠬᠠᠢᠢᠯᠠᠵᠥ ᠪᠤᠢ ᠃ ᠮᠤᠩᠭᠤᠯ ᠬᠠᠭᠠᠨᠳᠤ ᠤᠯᠤᠰ ︽ᠮᠤᠷᠢᠳᠤ ᠬᠠᠭᠠᠨᠳᠤ ᠤᠯᠤᠰ︾ ᠢᠶᠠᠷ ᠥᠨᠡᠯᠡᠭᠳᠠᠵᠥ᠂ ᠴᠢᠩᠭᠢᠰ ᠬᠠᠭᠠᠨ ᠤ ᠰᠢᠳᠠᠷ ᠬᠠᠮᠠᠭᠠᠯᠠᠬᠴᠢ ᠴᠡᠷᠢᠭ ᠠᠩᠭᠢ ᠪᠤᠯ ᠲᠠᠷᠤᠢ ᠰᠢᠯᠢᠳᠡᠭ ᠤᠳᠤᠮᠰᠢᠯᠳᠤ ᠮᠤᠷᠢᠳᠤ ᠴᠡᠷᠢᠭ ᠠᠩᠭᠢ ᠪᠠᠷ ᠪᠥᠷᠢᠯᠳᠥᠵᠥ᠂ ᠲᠡᠤᠭᠡᠨ ᠲᠡᠭᠡᠷ᠎ᠠ ᠲᠡᠳᠡᠨᠡᠷ ᠢ ︽ᠨᠤᠮᠤ ᠰᠤᠮᠤ ᠠᠬᠳᠠ ᠬᠥᠯᠥᠭ ᠢᠶᠠᠷᠲᠡᠭᠷᠢ ᠶᠢᠨ ᠲᠤᠤᠷᠠᠬᠢ ᠠᠯᠢᠪᠠ ᠶᠢ ᠢᠯᠠᠳᠠᠬ︾ ᠬᠡᠵᠥ ᠲᠠᠭᠤᠳᠠᠳᠠᠭ᠃ ︽ᠶᠤᠸᠠᠨ ᠤᠯᠤᠰ ᠤᠨ ᠰᠤᠳᠤᠷ ᠲᠡᠮᠳᠡᠭᠯᠡᠯ︾ ᠳᠤ ᠲᠡᠮᠳᠡᠭᠯᠡᠭᠰᠡᠨ ᠢᠶᠠᠷ᠄ ᠲᠤᠬᠠᠢ ᠶᠢᠨ ᠥᠶ᠎ᠠ ᠳᠤ ᠠᠳᠤᠭᠤᠨ ᠰᠥᠷᠥᠭ ᠥᠷᠭᠡᠳᠴᠤ᠂ ᠤᠮᠠᠷᠠᠰᠢ ᠪᠠᠨ ᠾᠥᠸᠧᠯᠢᠲᠥᠸᠧᠮᠠ ︵ᠤᠳᠤ ᠶᠢᠨ ᠮᠤᠩᠭᠤᠯ ᠤᠨ ᠠᠷᠤ ᠭᠡᠰᠡᠭ︶ ᠳᠤ ᠨᠡᠶᠢᠳᠡᠮ ᠲᠠᠷᠬᠠᠵᠥ ᠬᠢᠯᠢ ᠶᠢᠨ ᠪᠤᠭᠤᠮᠳᠠ ᠶᠢᠨ ᠲᠠᠯ᠎ᠠ ᠨᠤᠳᠤᠬ ᠵᠢᠴᠢ ᠡᠮᠥᠨᠡᠳᠤ ᠤᠷᠤᠨ ᠳᠤ ᠴᠤ ᠨᠡᠶᠢᠳᠡᠮ ᠲᠠᠷᠬᠠᠵᠥ ᠪᠠᠶᠢᠪᠠ᠃       ᠳᠡᠤᠬᠡᠨ ᠮᠠᠲ᠋ᠧᠷᠢᠶᠠᠯ ᠳᠤ ᠳᠡᠮᠳᠡᠭᠯᠡᠭᠰᠡᠨ ᠢᠶᠠᠷ᠂ ᠴᠢᠩᠬᠢᠰ ᠬᠠᠭᠠᠨ ᠤ ᠮᠤᠷᠢᠳᠦ ᠴᠡᠷᠢᠭ ᠨᠢ ᠦᠷᠬᠦᠯᠵᠢ ᠮᠤᠩᠭᠤᠯ ᠮᠤᠷᠢ ᠶᠢᠨ ᠭᠠᠶᠢᠬᠠᠮᠰᠢᠬᠳᠤ ᠬᠤᠷᠳᠤᠴᠠ ᠪᠤᠯᠤᠨ ᠳᠠᠭᠠᠭᠠᠴᠠ ᠳᠤ ᠳᠦᠰᠢᠭᠯᠡᠨ ᠳᠠᠶᠢᠰᠤᠨ ᠡᠳᠡᠬᠡᠳ ᠢᠶᠠᠨ ᠬᠡᠨᠡᠳᠡᠬᠦᠯᠦᠨ ᠳᠠᠭᠠᠷᠢᠭᠠᠳ᠂ ᠢᠯᠠᠯᠳᠠ ᠤᠯᠳᠠᠬ ᠪᠠᠶᠢᠵᠠᠢ᠃ ᠮᠤᠩᠭᠤᠯ ᠴᠡᠷᠢᠭ ᠪᠠᠶᠢᠯᠳᠤᠬᠴᠢ ᠶᠢᠨ ᠵᠡᠪᠰᠡᠭ ᠳᠤᠨᠤᠬᠯᠠᠯ ᠨᠢ ᠨᠠᠷᠢᠯᠢᠬ ᠰᠠᠶᠢᠨ ᠪᠠᠶᠢᠳᠠᠬ ᠪᠦᠬᠡᠳ ᠮᠤᠷᠢ ᠤᠨᠤᠵᠦ ᠨᠤᠮᠤ ᠬᠠᠷᠪᠤᠬᠤ ᠳᠠᠭᠠᠨ ᠮᠡᠷᠬᠡᠰᠢᠭᠰᠡᠨ ᠪᠠᠶᠢᠳᠠᠬ ᠃ ᠳᠠᠯ᠎ᠠ ᠨᠤᠳᠤᠬ ᠤᠨ ᠦᠨᠳᠦᠰᠦᠳᠡᠨ ᠨᠢ ᠪᠦᠬᠦ ᠠᠷᠠᠳ ᠢᠶᠠᠷ ᠢᠶᠠᠨ ᠴᠡᠷᠢᠭ ᠪᠤᠯᠵᠦ᠂ ᠮᠤᠩᠭᠤᠯᠴᠤᠳ ᠬᠠᠷᠠᠬᠠᠨ ᠪᠠᠭ᠎ᠠ ᠠᠴᠠ ᠪᠠᠨ ᠴᠡᠷᠢᠭ ᠤᠨ ᠶᠠᠪᠤᠳᠠᠯ ᠤᠨ ᠰᠤᠷᠭᠠᠭᠤᠯᠢᠯᠠᠯ ᠬᠦᠷᠳᠡᠵᠦ᠂ ᠢᠯᠠᠩᠭᠤᠶ᠎ᠠ ᠮᠤᠷᠢ ᠤᠨᠤᠬᠤ ᠨᠤᠮᠤ ᠬᠠᠷᠪᠤᠬᠤ ᠰᠤᠷᠭᠠᠭᠤᠯᠢᠯᠠᠯ ᠢ ᠠᠯᠳᠠᠯ ᠦᠬᠡᠢ ᠬᠦᠷᠳᠡᠳᠡᠭ ᠪᠠᠶᠢᠵᠠᠢ᠃       ᠮᠢᠩ ᠤᠯᠤᠰ ᠤᠨ ᠦᠶ᠎ᠠ ᠳᠤ᠂ ᠤᠮᠠᠷᠠᠳᠤ ᠤᠷᠤᠨ ᠨᠢ ᠵᠡᠬᠦᠨ ᠠᠴᠠ ᠳ᠋ᠠᠨᠢᠩ ︵ᠦᠨᠦ ᠶᠢᠨ ᠴᠧᠩᠳᠧ ᠤᠷᠤᠨ︶ ᠠᠴᠠ ᠡᠬᠢᠯᠡᠬᠡᠳ᠂ ᠪᠠᠷᠠᠭᠤᠨᠰᠢ ᠱᠸᠦ ᠰᠢᠶᠠ ᠬᠦᠷᠳᠡᠯ᠎ᠠ ᠪᠦᠷ ᠠᠳᠤᠭᠤ ᠮᠠᠯᠵᠢᠬᠤ ᠭᠠᠵᠠᠷ ᠤᠷᠤᠨ ᠪᠠᠶᠢᠬᠰᠠᠨ ᠪᠦᠬᠡᠳ ᠳᠡᠷᠡᠴᠢᠯᠡᠨ ᠰᠢᠤᠸᠠᠨ ᠬᠤᠸᠠ᠂ ᠳ᠋ᠠᠲ᠋ᠦ᠋ᠩ ᠵᠡᠷᠬᠡ ᠭᠠᠵᠠᠷ ᠲᠤ ᠮᠤᠷᠢ ᠠᠷᠠᠯᠵᠢᠶᠠᠯᠠᠬᠤ ᠵᠠᠬ᠎ᠠ ᠳᠡᠯᠬᠡᠬᠦᠷ ᠭᠠᠷᠭᠠᠵᠦ᠂ ᠮᠢᠩ ᠤᠯᠤᠰ ᠤᠨ ᠸᠠᠨ ᠯᠢ ᠶᠢᠨ ᠭᠤᠷᠪᠠᠨ ᠤᠨ ︵1575 ᠤᠨ︶ ᠳᠤ ᠵᠢᠯ ᠪᠦᠷᠢ ᠶᠢᠨ ᠠᠷᠠᠯᠵᠢᠶᠠᠨ ᠤ ᠬᠡᠮᠵᠢᠶ᠎ᠠ ᠶᠢ 3.4 ᠳᠦᠮᠡᠨ ᠮᠤᠷᠢ ᠳᠤ ᠬᠦᠷᠬᠡᠬᠦ ᠪᠠᠷ ᠳᠤᠬᠳᠠᠭᠠᠵᠠᠢ᠃ ᠴᠢᠩ ᠤᠯᠤᠰ ᠤᠨ ᠦᠶ᠎ᠠ ᠳᠤ ᠴᠠᠬᠠᠷ ᠤᠷᠤᠨ ᠳᠤ ᠵᠡᠬᠦᠨ ᠪᠠᠷᠠᠭᠤᠨ ᠬᠤᠶᠠᠷ ᠭᠠᠷᠤᠨ ᠠᠳᠤᠭᠤ ᠮᠠᠯᠵᠢᠬᠤ ᠳᠠᠯᠠᠪᠠᠢ ᠪᠡ ᠬᠠᠭᠠᠨ ᠤ ᠠᠳᠤᠭᠤ ᠶᠢ ᠮᠠᠯᠵᠢᠬᠤ ᠬᠤᠶᠠᠷ ᠳᠤᠰᠬᠠᠢ ᠳᠠᠯᠠᠪᠠᠢ ᠲᠠᠢ ᠪᠠᠶᠢᠬᠰᠠᠨ ᠪᠦᠬᠡᠳ ᠪᠦᠬᠦ ᠳᠠᠯ᠎ᠠ ᠪᠠᠷ ᠬᠦᠭᠵᠢᠭᠰᠡᠨ ᠴᠠᠬ ᠬᠤᠭᠤᠴᠠᠭᠠᠨ ᠳᠤ 10 ᠭᠠᠷᠤᠢ ᠳᠦᠮᠡᠨ ᠠᠳᠤᠭᠤ ᠮᠠᠯᠵᠢᠵᠦ ᠪᠠᠶᠢᠪᠡ᠃ ᠬᠡᠳᠦᠨ ᠵᠠᠭᠤᠨ ᠵᠢᠯ ᠤᠨ ᠳᠤᠷᠰᠢ᠂ ᠮᠤᠩᠭᠤᠯ ᠮᠤᠷᠢ ᠶᠢ ᠤᠯᠠᠩᠬᠢ ᠳᠠᠭᠠᠨ ᠴᠢᠭᠤᠯᠤᠯᠳᠤ ᠬᠠᠭᠠᠯᠭ᠎ᠠ ᠪᠠᠷ ᠳᠠᠮᠵᠢᠨ ᠳᠤᠳᠤᠷ᠎ᠠ ᠭᠠᠵᠠᠷ ᠲᠤ ᠤᠷᠤᠭᠤᠯᠳᠠᠬ ᠪᠠᠶᠢᠬᠰᠠᠨ ᠠᠴᠠ ︽ᠤᠮᠠᠷᠠᠳᠤ ᠶᠢᠨ ᠮᠤᠷᠢ︾ ᠬᠡᠬᠦ ᠨᠡᠷᠡᠶᠢᠳᠦᠯ ᠲᠠᠢ ᠪᠤᠯᠵᠠᠢ᠃ ᠠᠯᠢ ᠴᠤ ᠳᠦᠷᠦ ᠬᠦᠷᠦᠨ ᠴᠤ ᠪᠦᠷ ᠠᠳᠤᠭᠤ ᠮᠠᠯᠵᠢᠬᠤ ᠶᠢ ᠴᠢᠬᠤᠯᠠᠴᠢᠯᠠᠨ ᠦᠵᠡᠳᠡᠭ ᠪᠤᠯᠤᠬᠰᠠᠨ ᠠᠴᠠ ᠮᠤᠩᠭᠤᠯ ᠮᠤᠷᠢ ᠨᠢ ᠠᠯᠢ ᠡᠷᠳᠡ ᠠᠴᠠ ᠮᠠᠨ ᠤ ᠤᠷᠤᠨ ᠤ ᠦᠷᠬᠡᠨ ᠠᠭᠤᠳᠠᠮ ᠤᠮᠠᠷᠠᠳᠤ ᠶᠢᠨ ᠬᠦᠳᠡᠭᠡ ᠳᠤᠰᠬᠤᠨ ᠳᠤ ᠨᠡᠶᠢᠳᠡᠮ ᠳᠦᠬᠡᠭᠰᠡᠨ ᠶᠤᠮ᠃      1949 ᠤᠨ ᠠᠴᠠ ᠬᠤᠶᠢᠰᠢ᠂ ᠦᠪᠦᠷ ᠮᠤᠩᠭᠤᠯ ᠤᠷᠤᠨ ᠮᠤᠩᠭᠤᠯ ᠮᠤᠷᠢ ᠪᠠᠨ ᠳᠠᠰᠤᠷᠠᠯᠳᠠ ᠦᠬᠡᠢ ᠬᠦᠷᠰᠢ ᠵᠡᠷᠬᠡᠯᠡᠳᠡᠭᠡ ᠮᠤᠵᠢ ᠤᠷᠤᠨ ᠳᠤ ᠭᠠᠷᠭᠠᠬᠤ ᠪᠤᠯᠤᠬᠰᠠᠨ ᠠᠴᠠ ᠮᠤᠩᠭᠤᠯ ᠮᠤᠷᠢ ᠨᠢ ᠮᠠᠰᠢ ᠰᠠᠶᠢᠨ ᠵᠤᠬᠢᠴᠠᠬᠤ ᠴᠢᠨᠠᠷ ᠲᠠᠢ ᠪᠤᠯᠵᠠᠢ᠃ ᠰᠢᠨ᠎ᠠ ᠳᠤᠮᠳᠠᠳᠤ ᠤᠯᠤᠰ ᠤᠨ ᠠᠩᠬᠠᠳᠤᠭᠠᠷ ᠤᠳᠠᠭᠠᠨ ᠤ ᠮᠤᠩᠭᠤᠯ ᠮᠤᠷᠢ ᠶᠢᠨ ᠳᠠᠭᠠᠭᠠᠴᠠ ᠰᠢᠯᠭᠠᠷᠠᠭᠤᠯᠬᠤ ᠤᠷᠤᠯᠳᠤᠭᠠᠨ ᠨᠢ 100 ᠺᠢᠯᠦᠮᠧᠲᠷ ᠤᠨ ᠵᠠᠢ ᠲᠠᠢ ᠶᠠᠪᠤᠬᠳᠠᠵᠦ᠂ ᠰᠢᠨ᠎ᠠ ᠪᠠᠷᠭᠤ ᠵᠡᠬᠦᠨ ᠬᠤᠰᠢᠭᠤᠨ ᠤ ᠠᠮᠤᠭᠤᠯᠠᠩ ᠪᠠᠯᠭᠠᠰᠤᠨ ᠠᠴᠠ ᠡᠬᠢᠯᠡᠬᠡᠳ ᠤᠷᠤᠱᠤᠨ ᠭᠤᠤᠯ ᠤᠨ ᠵᠡᠬᠦᠨ ᠡᠷᠬᠢ ᠳᠤ ᠬᠦᠷᠴᠤ᠂ ᠳᠠᠬᠢᠨ ᠠᠮᠤᠭᠤᠯᠠᠩ ᠪᠠᠯᠭᠠᠰᠤᠨ ᠳᠤ ᠪᠤᠴᠠᠵᠦ ᠢᠷᠡᠪᠡ᠂ ᠡᠨᠡ ᠤᠳᠠᠭᠠᠨ ᠤ ᠤᠷᠤᠯᠳᠤᠭᠠᠨ ᠳᠤ ᠳᠦᠷᠦᠬᠦᠯᠡᠭᠰᠡᠨ ᠮᠤᠷᠢ ᠨᠢ 3 ᠴᠠᠬ ᠲᠤ ᠤᠷᠤᠯᠳᠤᠭᠠᠨ ᠢᠶᠠᠨ ᠳᠡᠬᠦᠰᠬᠡᠵᠡᠢ᠃ 1950 ᠤᠨ ᠳᠤ᠂ ᠮᠤᠩᠭᠤᠯ ᠮᠤᠷᠢ ᠶᠢᠨ ᠳᠤᠳᠤᠷᠠᠬᠢ ᠳᠡᠮᠤᠷ ᠳᠤᠭᠤᠷᠠᠶᠢᠳᠦ ᠮᠤᠷᠢ ᠨᠢ ᠳᠤᠬᠠᠢ ᠶᠢᠨ ᠵᠢᠯ ᠤᠨ ᠨᠠᠭᠠᠳᠤᠮ ᠤᠨ ᠬᠤᠷᠠᠯ ᠤᠨ 59 ᠺᠢᠯᠤᠮᠧᠲᠷ ᠤᠨ ᠤᠷᠤᠯᠳᠤᠭᠠᠨ ᠳᠤ 58 ᠮᠢᠨᠦ᠋ᠲ ᠳᠠᠪᠬᠢᠭᠠᠳ ᠡᠴᠤᠰ ᠤᠨ ᠱᠤᠭᠤᠮ ᠢ ᠳᠤᠭᠤᠯᠤᠨ ᠭᠠᠷᠤᠬᠰᠠᠨ ᠶᠤᠮᠰᠠᠨ᠃      1949 ᠤᠨ ᠠᠴᠠ ᠬᠤᠶᠢᠰᠢ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠮᠤᠩᠭᠤᠯ ᠮᠤᠷᠢ ᠮᠠᠯᠵᠢᠬᠤ ᠦᠢᠯᠡᠰ ᠦᠷᠬᠦᠯᠵᠢᠯᠡᠨ ᠬᠦᠭᠵᠢᠬᠡᠳ᠂ ᠳᠤᠳᠤᠷ᠎ᠠ ᠭᠠᠵᠠᠷ ᠲᠤ ᠳᠠᠰᠤᠷᠠᠯᠳᠠ ᠦᠬᠡᠢ ᠤᠷᠤᠭᠤᠯᠬᠤ ᠪᠤᠯᠤᠬᠰᠠᠨ ᠤ ᠬᠠᠮᠳᠤ᠂ ᠡᠬᠦᠯᠳᠡᠷ ᠰᠠᠶᠢᠵᠢᠷᠠᠭᠤᠯᠬᠤ ᠠᠵᠢᠯ ᠢ ᠶᠡᠭᠡ ᠬᠡᠮᠵᠢᠶ᠎ᠠ ᠪᠠᠷ ᠬᠢᠬᠦ ᠪᠤᠯᠵᠠᠢ᠃ ᠬᠡᠪᠡᠴᠤ ᠳᠡᠬᠡᠷ᠎ᠠ ᠵᠠᠭᠤᠨ ᠤ ᠰᠡᠬᠦᠯᠴᠢ ᠪᠤᠯᠳᠠᠯ᠎ᠠ᠂ ᠡᠬᠦᠯᠳᠡᠷ ᠰᠠᠶᠢᠵᠢᠷᠠᠭᠤᠯᠤᠬᠰᠠᠨ ᠮᠤᠷᠢᠨ ᠤ ᠳᠤᠭ᠎ᠠ ᠨᠢ ᠴᠦᠬᠡᠨ ᠳᠤᠭ᠎ᠠ ᠶᠢ ᠡᠵᠡᠯᠡᠵᠦ᠂ 90% ᠠᠴᠠ ᠳᠡᠬᠡᠭᠰᠢᠬᠢ ᠨᠢ ᠮᠦᠨᠬᠦ ᠮᠤᠩᠭᠤᠯ ᠮᠤᠷᠢ ᠪᠠᠶᠢᠬᠰᠠᠭᠠᠷ ᠪᠤᠢ᠃                      ᠳᠤᠮᠳᠠᠳᠤ ᠤᠯᠤᠰ ‍ᠤᠨ‌ᠮᠣᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号