ᠬᠤᠵᠢᠮᠳᠠᠬᠰᠠᠨ ᠰᠡᠭᠡᠭᠡᠷᠡᠯ ︵ᠲᠠᠪᠤ︶
ᠨᠡᠶᠢᠲᠡᠯᠡᠭᠰᠡᠨ ᠴᠠᠭ᠄
2016/4/14
                   ᠲᠠᠪᠤ                ᠲᠡᠷᠭᠡᠯ ᠠᠵᠤ ᠠᠮᠢᠳᠤᠷᠠᠯ ᠪᠤᠰᠬᠠᠭᠰᠠᠨ ᠠᠴᠠ ᠠᠪᠤᠭᠠᠳ ᠲᠤᠯᠮ᠎ᠠ ᠲᠠᠢ ᠪᠠᠨ ᠲᠤᠶᠢᠯ ᠤᠨ ᠡᠶ᠎ᠡ ᠨᠠᠶᠢᠷᠠᠮᠳᠠᠭᠤ ᠪᠠᠷ ᠠᠮᠢᠳᠤᠷᠠᠭᠰᠠᠭᠠᠷ ᠢᠷᠡᠭᠰᠡᠨ ᠶᠤᠮ᠃ ᠤᠳᠤ ᠲᠤᠯᠮ᠎ᠠ ᠳᠤ ᠠᠪᠴᠤ ᠬᠡᠯᠡᠪᠡᠯ ᠶᠠᠭ ᠯᠡ ᠲᠤᠯᠭᠠᠭᠤᠷᠢ ᠬᠤᠭᠤᠷᠠᠵᠤ᠂ ᠲᠤᠭᠤᠭ᠎ᠠ ᠴᠦᠮᠦᠷᠦᠭᠰᠡᠨ ᠮᠡᠳᠦ ᠪᠠᠷ ᠪᠦᠬᠦ ᠪᠡᠶ᠎ᠡ ᠨᠢ ᠵᠦᠬᠡᠯᠡᠷᠡᠵᠤ᠂ ᠨᠢᠳᠦ ᠨᠢ ᠬᠠᠷᠯᠠᠨ᠂ ᠲᠡᠷᠭᠡᠯ  ᠳᠤ ᠪᠠᠷᠢᠬᠤ ᠴᠠᠢ ᠲᠠᠢ ᠴᠤᠮᠤ ᠨᠢ ᠴᠦ ᠴᠡᠴᠡᠷᠭᠢᠯᠡᠨ᠂ ᠡᠰᠡ ᠯᠡ ᠬᠦᠰᠡᠷ ᠠᠯᠳᠠᠬᠤ ᠰᠢᠬᠠᠭᠰᠠᠨ ᠪᠠᠶᠢᠯ᠎ᠠ᠂ ᠲᠡᠷᠭᠡᠯ ᠲᠠᠷᠤᠢ ᠲᠦᠷᠭᠡᠨ ᠬᠦᠷᠴᠦ ᠢᠷᠡᠨ ᠲᠤᠯᠮ᠎ᠠ ᠶᠢᠨ ᠭᠠᠷ ᠠᠴᠠ ᠴᠤᠮᠤ ᠲᠠᠢ ᠴᠠᠢ ᠶᠢ ᠨᠢ ᠲᠤᠰᠤᠨ ᠠᠪᠴᠤ ᠰᠢᠷᠡᠭᠡᠨ ᠲᠡᠭᠡᠷ᠎ᠡ ᠪᠠᠨ ᠲᠠᠯᠪᠢᠭᠠᠳ᠂ ᠲᠤᠯᠮ᠎ᠠ ᠶᠢ ᠵᠦᠭᠡᠯᠡᠨ ᠰᠠᠨᠳᠠᠯᠢ ᠲᠡᠭᠡᠷ᠎ᠡ ᠲᠦᠰᠢᠨ ᠰᠠᠭᠤᠯᠭᠠᠪᠠ᠃ ᠲᠤᠯᠮ᠎ᠠ ᠨᠢ ᠵᠦᠭᠡᠯᠡᠨ ᠰᠠᠨᠳᠠᠯᠢ ᠲᠡᠭᠡᠷ᠎ᠡ ᠮᠤᠰᠭᠢᠷᠤᠨ ᠰᠠᠭᠤᠵᠤ ᠶᠠᠮᠠᠷ ᠨᠢᠭᠡᠨ ᠬᠦᠨᠳᠦ ᠡᠪᠡᠳᠴᠢᠨ ᠳᠤ ᠨᠡᠷᠪᠡᠭᠳᠡᠭᠰᠡᠨ ᠰᠢᠭ ᠪᠦᠬᠦ ᠪᠡᠶ᠎ᠡ ᠨᠢ ᠰᠤᠯᠳᠠᠶᠢᠵᠤ ᠪᠠᠶᠢᠪᠠ᠃ ᠲᠡᠷᠭᠡᠯ ᠬᠠᠷᠢᠨ ᠶᠠᠭᠠᠷᠠᠥ ᠰᠠᠳᠠᠷᠠᠥ ᠪᠠᠷ ᠲᠡᠭᠦᠨ ᠤ ᠬᠠᠵᠠᠭᠤ ᠳᠤ ᠰᠠᠭᠤᠨ᠄ ᠲᠤᠯᠮ᠎ᠠ ᠡ︕ ᠴᠢ ᠴᠤᠬᠤᠮ ᠶᠠᠭᠠᠬᠢᠭᠰᠠᠨ ᠪᠤᠢ︖ ᠶᠠᠭᠤᠨ ᠳᠤ ᠢᠩᠭᠢᠵᠤ ᠰᠦᠷ ᠰᠦᠯᠳᠡ ᠦᠭᠡᠢ ᠮᠠᠭᠤ ᠴᠢᠷᠠᠶᠢᠯᠠᠵᠤ ᠪᠠᠶᠢᠬᠤ ᠶᠤᠮ ᠳ᠋ᠠ︕ ᠭᠡᠭᠦ ᠳᠤ ᠲᠤᠯᠮ᠎ᠠ ᠨᠢ ᠬᠠᠷᠢᠨ ᠬᠠᠷᠢᠭᠤ ᠦᠭᠡ ᠨᠢᠭᠡᠴᠦ ᠲᠤᠥᠭᠠᠷᠤᠭᠰᠠᠨ ᠦᠭᠡᠢ᠃ ᠪᠠᠰᠠ ᠨᠢᠳᠦ ᠪᠠᠨ ᠠᠨᠢᠵᠤ᠂ ᠠᠮᠢᠰᠬᠤᠵᠤ ᠰᠦᠢᠯᠡᠬᠦ ᠨᠢ ᠴᠦ ᠬᠠᠷᠢᠨ ᠤᠥᠯ ᠤᠨ ᠬᠢ ᠠᠴᠠ ᠪᠠᠨ ᠤᠯᠠᠮ ᠢᠯᠡᠭᠦᠥ ᠬᠤᠷᠳᠤᠨ ᠪᠤᠯᠪᠠ᠃ ᠡᠨᠡ ᠬᠡᠳᠦᠨ ᠵᠢᠯ ᠳᠤ ᠲᠤᠳᠤᠷ᠎ᠠ ᠪᠠᠨ ᠲᠡᠷᠭᠡᠯ ᠢ ᠯᠠᠪ ᠡᠪᠡᠳᠴᠢᠨ ᠲᠠᠢ ᠪᠤᠯᠵᠤ ᠭᠡᠵᠤ ᠰᠡᠵᠢᠭᠯᠡᠵᠤ ᠪᠠᠶᠢᠭᠰᠠᠨ ᠳ᠋ᠠ︕ ᠦᠨᠡᠭᠡᠷ ᠲᠡᠷᠡ ᠮᠠᠨᠢ ᠡᠪᠡᠳᠴᠢᠨ ᠲᠠᠢ ᠪᠤᠯᠬᠤ ᠶᠤᠮ ᠪᠤᠯ ᠪᠢ ᠤᠳᠤ ᠬᠡᠷᠬᠢᠬᠦ ᠪᠤᠢ︖ ᠭᠡᠵᠤ ᠰᠡᠳᠭᠢᠯ ᠰᠠᠨᠠᠭᠠᠨ ᠤ ᠬᠦᠨᠳᠦ ᠶᠡᠭᠡ ᠲᠠᠷᠤᠭᠠᠰᠤ ᠲᠠᠢ ᠲᠤᠯᠠ ᠲᠡᠭᠦᠨ ᠤ ᠪᠦᠬᠦ ᠪᠡᠶ᠎ᠡ ᠰᠠᠳᠬᠢᠯ ᠢ  ᠨᠢ ᠲᠠᠷᠴᠢᠯᠠᠭᠠᠵᠤ ᠪᠠᠶᠢᠯ᠎ᠠ᠃ ᠲᠡᠷᠭᠡᠯ ᠭᠡᠷ ᠲᠡᠭᠡᠨ ᠬᠠᠷᠢᠵᠤ ᠢᠷᠡᠮᠡᠭᠴᠡ ᠡᠮᠨᠡᠯᠭᠡ ᠶᠢᠨ ᠬᠤᠷᠢᠶᠠᠨ ᠳᠤ ᠪᠠᠶᠢᠴᠠᠭᠠᠭᠰᠠᠨ ᠦᠷ᠎ᠡ ᠳ᠋ᠦᠩ ᠢᠶᠠᠨ ᠪᠦᠬᠦᠨ ᠢ ᠲᠤᠯᠮ᠎ᠠ ᠳᠤ ᠬᠡᠯᠡᠵᠤ ᠥᠭᠬᠦ ᠳᠤ ᠲᠡᠷᠡ ᠬᠠᠷᠢᠨ ᠲᠡᠶᠢᠮᠦ ᠪᠢᠰᠢ ᠭᠡᠵᠤ ᠰᠡᠵᠢᠭᠯᠡᠯᠳᠡᠢ ᠪᠠᠷ ᠢᠳᠡᠭᠡᠭᠦ ᠦᠭᠡᠢ ᠪᠠᠶᠢᠯ᠎ᠠ᠃            ᠲᠤᠯᠮ᠎ᠠ᠄ ᠡᠶᠢᠮᠦ ᠰᠠᠶᠢᠨ ᠬᠦᠮᠦᠨ ᠪᠠᠰᠠ ᠲᠡᠶᠢᠮᠦ ᠮᠠᠭᠤ ᠡᠪᠡᠳᠴᠢᠨ ᠢ ᠤᠯᠬᠤ ᠶᠤᠮ ᠤᠤ︖ ᠲᠡᠷᠭᠡᠯ ᠬᠠᠷᠢᠨ ᠵᠤᠷᠢᠭᠤᠳᠠ ᠪᠠᠷ ᠭᠠᠳᠠᠷ ᠪᠠᠶᠢᠳᠠᠯ ᠲᠡᠭᠡᠷ᠎ᠡ ᠪᠠᠨ ᠶᠠᠮᠠᠷᠴᠤ ᠲᠠᠷᠤᠭᠠᠰᠤ ᠦᠭᠡᠢ ᠮᠡᠳᠦ ᠢᠯᠡᠷᠡᠯ ᠭᠠᠷᠭᠠᠵᠤ ᠲᠡᠭᠦᠨ ᠤ ᠵᠦᠭ ᠬᠠᠨᠳᠤᠵᠤ᠄ ᠡᠪᠡᠳᠴᠢᠨ ᠤᠯᠬᠤ ᠬᠢᠭᠡᠳ ᠬᠦᠮᠦᠨ ᠮᠦᠰᠦ ᠲᠠᠢ ᠴᠤᠬᠤᠮ ᠶᠠᠮᠠᠷ ᠢᠯᠠᠭ᠎ᠠ ᠪᠠᠶᠢᠬᠤ ᠶᠤᠮ ᠳ᠋ᠠ︖ ᠬᠦᠮᠦᠨ ᠭᠡᠳᠡᠭ ᠴᠢᠨᠢ ᠪᠦᠷ ᠮᠡᠨ ᠤ ᠡᠨᠡ ᠨᠠᠰᠤᠨ ᠳᠤ ᠬᠦᠷᠦᠪᠡᠯ ᠶᠠᠭ ᠯᠡ ᠨᠢᠭᠡᠨ ᠬᠠᠭᠤᠴᠢᠷᠠᠭᠰᠠᠨ ᠮᠠᠰᠢᠨ ᠲᠡᠷᠭᠡ ᠮᠡᠳᠦ ᠪᠠᠷ ᠵᠠᠪᠠᠯ ᠨᠢᠭᠡ ᠤᠳᠠᠭᠠᠨ ᠤ ᠪᠦᠬᠦ ᠲᠠᠯ᠎ᠠ ᠶᠢᠨ ᠴᠢᠨᠠᠷᠲᠠᠢ ᠲᠤᠮᠤ ᠵᠠᠰᠠᠯᠳᠠ ᠬᠢᠬᠦ ᠴᠢᠬᠤᠯᠠ  ᠲᠠᠢ ᠰᠢᠦ︕ ᠨᠠᠳᠠ ᠪᠠᠷ ᠦᠵᠡᠪᠡᠯ᠂ ᠶᠠᠭ ᠨᠢᠭᠡᠨ ᠵᠢᠷᠠᠨ ᠵᠢᠯ ᠤᠨᠤᠭᠰᠠᠨ ᠲᠤᠭᠤᠢ ᠲᠡᠷᠭᠡ ᠮᠡᠳᠦ ᠪᠠᠷ ᠲᠡᠭᠦᠨ ᠤ ᠶᠠᠮᠠᠷ ᠨᠢᠭᠡ ᠲᠠᠩ ᠲᠤᠨᠤᠭ ᠢ ᠨᠢ ᠲᠠᠬᠢᠨ ᠰᠤᠯᠢᠪᠠᠯ ᠲᠠᠷᠤᠢ ᠪᠤᠯᠴᠢᠬᠠᠬᠤ ᠪᠢᠰᠢᠦ︖ ᠴᠢᠬᠤᠯᠠ ᠲᠠᠢ ᠦᠶᠡᠰ ᠲᠤ ᠪᠠᠰᠠ ᠵᠠᠷᠢᠮ ᠲᠠᠩ ᠲᠤᠨᠤᠭ ᠢ ᠨᠢ ᠴᠢᠩᠭᠠᠯᠠᠨ ᠴᠢᠨᠠᠭᠰᠢᠯᠠᠨ ᠴᠠᠬᠢᠯᠭᠠᠨ ᠬᠠᠨᠠᠭᠤᠷ ᠢᠶᠠᠷ ᠬᠠᠨᠠᠬᠤ ᠴᠢᠬᠤᠯᠠ ᠲᠠᠢ ᠪᠢᠯᠡ᠃ ᠬᠠᠢ︕ ᠦᠮᠡᠨ ᠡᠪᠡᠳᠴᠢᠨ ᠪᠢᠰᠢᠦ︖ ᠡᠶᠢᠮᠦ ᠡᠪᠡᠳᠴᠢᠨ ᠢ ᠤᠯᠤᠭᠰᠠᠨ ᠬᠦᠮᠦᠨ ᠵᠠᠯᠭᠠᠭᠠᠳ ᠪᠠᠰᠠ ᠬᠡᠳᠦᠨ ᠠᠷᠪᠠᠨ ᠵᠢᠯ ᠠᠮᠢᠳᠤᠷᠠᠵᠤ᠂ ᠴᠢᠨᠠᠭᠰᠢᠯᠠᠨ ᠲᠡᠳᠡᠨ ᠤ ᠨᠠᠰᠤᠨ ᠰᠡᠭᠦᠳᠡᠷᠢ ᠨᠢ ᠵᠠᠭᠤ ᠬᠦᠷᠦᠭᠰᠡᠨ ᠴᠦ ᠪᠠᠶᠢᠨ᠎ᠠ ᠰᠢᠦ︕ ᠡᠭᠦᠨ ᠢ ᠰᠤᠨᠤᠰᠤᠭᠰᠠᠨ ᠲᠤᠯᠮ᠎ᠠ ᠬᠡᠰᠡᠭ ᠤᠳᠠᠭᠠᠳ ᠰᠠᠶ᠋ᠢ ᠨᠢᠳᠦ ᠪᠠᠨ ᠨᠡᠭᠡᠬᠡᠵᠤ᠂ ᠬᠡᠳᠦᠨᠳᠡ ᠤᠷᠳᠤ ᠭᠡᠭᠴᠢ ᠠᠮᠢᠰᠬᠤᠵᠤ ᠠᠪᠤᠭᠠᠳ᠄ ᠴᠢ ᠤᠳᠤ ᠦᠨᠦᠳᠦᠷ ᠠᠴᠠ ᠡᠬᠢᠯᠡᠨ ᠬᠠᠷᠢᠨ ᠰᠤᠷᠭᠠᠭᠤᠯᠢ ᠲᠡᠭᠡᠷ᠎ᠡ ᠬᠦᠷᠬᠦ ᠴᠢᠬᠤᠯᠠ ᠦᠭᠡᠢ ᠰᠢᠦ︕ ᠭᠡᠷ ᠲᠡᠭᠡᠨ ᠰᠠᠭᠤᠵᠤ ᠡᠪᠡᠳᠴᠢᠨ ᠢᠶᠠᠨ ᠰᠤᠪᠢᠯᠠᠭᠠᠷᠠᠢ︕       ᠲᠡᠷᠭᠡᠯ ᠬᠠᠷᠢᠨ᠄ ᠪᠢ ᠤᠳᠤ 5 ᠰᠠᠷ᠎ᠠ ᠠᠴᠠ ᠲᠠᠷᠤᠢ ᠨᠠᠰᠤᠨ ᠤ ᠠᠮᠠᠷᠠᠯᠳᠠ ᠪᠠᠨ ᠠᠪᠬᠤ ᠶᠤᠮ ᠴᠢᠨᠢ ᠬᠠᠰᠢᠯᠠ ᠠᠵᠢᠯ ᠢᠶᠠᠨ ᠡᠴᠦᠰ ᠲᠤᠨᠢ ᠲᠤᠯᠳᠠᠯ᠎ᠠ ᠰᠠᠶᠢᠳᠤᠷ ᠬᠢᠶ᠎ᠡ︕ ᠲᠠᠬᠢᠭᠠᠳ ᠬᠡᠯᠡᠪᠡᠯ ᠡᠨᠡ ᠵᠤᠶᠢᠯ ᠤᠨ ᠡᠪᠡᠳᠴᠢᠨ ᠢ ᠭᠡᠷ ᠲᠡᠭᠡᠨ ᠰᠠᠭᠤᠵᠤ ᠰᠤᠪᠢᠯᠠᠭᠠᠳ ᠬᠡᠷᠡᠭ ᠦᠭᠡᠢ ᠰᠢᠦ︕ ᠭᠡᠷ ᠲᠤ ᠰᠠᠭᠤᠪᠠᠯ ᠤᠯᠠᠮ ᠢᠯᠡᠭᠦᠥ ᠪᠠᠴᠢᠮᠳᠠᠨ ᠰᠠᠨᠳᠤᠷᠴᠤ᠂ ᠪᠡᠶ᠎ᠡ ᠮᠠᠬᠠᠪᠤᠳ ᠨᠡᠩ ᠵᠤᠪᠠᠨ ᠭᠤᠳᠤᠷᠠᠵᠤ᠂ ᠡᠪᠡᠳᠴᠢᠨ ᠤᠯᠠᠮ ᠬᠦᠨᠳᠦᠷᠡᠵᠤ᠂ ᠰᠠᠨᠠᠭ᠎ᠠ ᠰᠡᠳᠭᠢᠯ ᠤᠨ ᠲᠡᠭᠡᠭᠡᠷ᠎ᠡ ᠤᠯᠠᠮ ᠢᠯᠡᠭᠦᠥ ᠪᠤᠯᠬᠤ ᠨᠢ ᠲᠡᠷᠡ ᠡ︕ ᠲᠠᠬᠢᠭᠠᠳ ᠬᠡᠯᠡᠪᠡᠯ ᠡᠨᠡ ᠰᠤᠷᠤᠯᠭ᠎ᠠ ᠶᠢᠨ ᠬᠤᠭᠤᠴᠠᠭᠠᠨ ᠳᠤ ᠮᠢᠨᠦ ᠬᠢᠬᠦ ᠠᠵᠢᠯ ᠤᠯᠠᠨ ᠪᠠᠶᠢᠵᠤ᠂  ᠪᠠᠰᠠ ᠲᠡᠭᠦᠰᠭᠦ ᠠᠩᠭᠢ ᠶᠢᠨ ᠨᠢᠭᠡ ᠬᠢᠴᠢᠶᠡᠯ ᠪᠠᠶᠢᠬᠤ ᠪᠢᠰᠢᠤ︖ ᠬᠡᠷᠪᠡ ᠪᠢ ᠰᠠᠭᠠᠳᠤᠭᠠᠳ ᠲᠦᠷ ᠴᠠᠭ ᠮᠢᠨᠦ ᠤᠷᠤᠨ ᠳᠤ ᠪᠤᠰᠤᠳ ᠪᠠᠭᠰᠢ ᠶᠢ ᠲᠤᠬᠢᠷᠠᠭᠤᠯᠪᠠᠯ᠂  ᠪᠠᠭᠰᠢ ᠨᠢᠭᠡᠪᠦᠷᠢ ᠶᠢᠨ ᠵᠢᠭᠠᠬᠤ ᠠᠷᠭ᠎ᠠ ᠪᠠᠷᠢᠯ ᠨᠢ ᠴᠦ ᠠᠳᠠᠯᠢ ᠦᠭᠡᠢ ᠶᠤᠮ ᠴᠢᠨᠢ ᠲᠡᠭᠦᠰᠭᠦ ᠠᠩᠭᠢ ᠶᠢᠨ ᠬᠢᠷᠢ ᠬᠡᠮᠵᠢᠶ᠎ᠡ ᠶᠢ ᠴᠦ ᠨᠦᠯᠦᠭᠡᠯᠡᠵᠤ᠂ ᠴᠢᠨᠠᠭᠰᠢᠯᠠᠪᠠᠯ᠂ ᠡᠳᠡᠭᠡᠷ  ᠰᠤᠷᠤᠭᠴᠢᠳ ᠤᠨ ᠠᠯᠤᠰ ᠢᠷᠡᠭᠡᠳᠦᠢ ᠶᠢ ᠴᠦ ᠨᠦᠯᠦᠭᠡᠯᠡᠵᠤ ᠮᠡᠳᠡᠬᠦ ᠲᠤᠯᠠ ᠪᠢ ᠬᠠᠰᠢᠯᠠ ᠰᠡᠳᠭᠢᠯ ᠰᠢᠭᠤᠳᠠᠩᠭᠤᠢ ᠪᠠᠷ ᠬᠢᠴᠢᠶᠡᠯ ᠢᠶᠠᠨ ᠤᠷᠤᠵᠤ᠂ ᠡᠳᠡᠭᠡᠷ ᠰᠤᠷᠤᠭᠴᠢᠳ ᠢ ᠠᠮᠵᠢᠯᠳᠠ ᠲᠠᠢ ᠲᠡᠭᠦᠰᠭᠡᠪᠡᠯ ᠰᠠᠶ᠋ᠢ ᠮᠢᠨᠦ ᠲᠤᠳᠤᠷ᠎ᠠ ᠰᠡᠳᠭᠢᠯ  ᠠᠮᠤᠷ ᠪᠤᠯᠤᠨ᠎ᠠ᠃           ᠡᠳᠡᠭᠡᠷ ᠢ ᠲᠤᠯᠮ᠎ᠠ ᠰᠤᠨᠤᠰᠤᠭᠠᠳ ᠶᠠᠮᠠᠷᠴᠦ ᠬᠠᠷᠢᠭᠤ ᠦᠭᠡ  ᠬᠡᠯᠡᠭᠰᠡᠨ ᠦᠭᠡᠢ᠃              ᠲᠡᠷᠭᠡᠯ᠄ ᠪᠢ ᠨᠢᠭᠡ ᠪᠠᠭ᠎ᠠ ᠠᠮᠠᠷᠠᠭᠠᠳ ᠬᠢᠴᠢᠶᠡᠯ ᠢᠶᠠᠨ ᠤᠷᠤᠬᠤ ᠪᠠᠷ ᠶᠠᠪᠤᠶ᠎ᠠ︕ ᠮᠢᠨᠦ ᠡᠨᠡᠬᠦ ᠡᠪᠡᠳᠴᠢᠨ ᠤ ᠪᠠᠶᠢᠳᠠᠯ ᠢ  ᠪᠢᠳᠡᠬᠡᠢ ᠪᠤᠰᠤᠳ ᠲᠤ ᠬᠡᠯᠡᠭᠡᠷᠡᠢ  ︕ ᠡᠪᠡᠳᠴᠢᠨ ᠮᠢᠨᠦ ᠪᠡᠶ᠎ᠡ ᠲᠡᠭᠡᠷ᠎ᠡ ᠪᠠᠶᠢᠬᠤ ᠶᠤᠮ ᠴᠢᠨᠢ ᠬᠠᠵᠠᠭᠤ ᠶᠢᠨ ᠬᠦᠮᠦᠰ ᠬᠡᠳᠦᠢ ᠬᠠᠪᠰᠤᠷᠠᠭᠰᠠᠨ ᠴᠦ ᠶᠠᠮᠠᠷ ᠬᠡᠷᠡᠭ ᠪᠠᠶᠢᠬᠤ ᠶᠤᠮ ᠪᠤᠢ︖ ᠲᠠᠬᠢᠭᠠᠳ ᠬᠡᠯᠡᠪᠡᠯ ᠪᠢ ᠲᠡᠳᠡᠭᠡᠷ ᠬᠠᠵᠠᠭᠤ ᠶᠢᠨ ᠬᠦᠮᠦᠨ ᠤ ᠡᠯ᠎ᠡ ᠵᠤᠶᠢᠯ ᠤᠨ ᠦᠭᠡ ᠬᠠᠮᠠᠷ ᠢ ᠰᠤᠨᠤᠰᠬᠤ ᠲᠤᠷ᠎ᠠ ᠦᠭᠡᠢ᠂ ᠪᠢᠳᠡ ᠬᠠᠰᠢᠯᠠ ᠠᠮᠢᠳᠤ ᠰᠡᠷᠢᠬᠦᠨ ᠪᠠᠶᠢᠬᠤ ᠳᠠᠭᠠᠨ ᠰᠡᠳᠭᠢᠯ ᠰᠠᠨᠠᠭ᠎ᠠ ᠪᠠᠨ ᠠᠭᠤᠵᠠᠭᠤ ᠲᠠᠯᠪᠢᠭᠤ ᠪᠠᠶᠢᠯᠭᠠᠨ᠂ ᠬᠡᠷᠪᠡ ᠡᠪᠡᠳᠴᠢᠨ ᠬᠦᠨᠳᠦᠷᠡᠭᠰᠡᠨ ᠴᠦ ᠲᠡᠭᠦᠨ ᠳᠤ ᠴᠢᠩᠭ᠎ᠠ ᠨᠢᠮᠪᠠᠢ ᠬᠠᠨᠳᠤᠵᠤ᠂ ᠪᠢᠳᠡᠬᠡᠢ ᠪᠤᠰᠤᠳ ᠲᠤ ᠲᠡᠷᠡ ᠬᠦᠮᠦᠨ ᠴᠢᠨᠢ ᠲᠤᠶᠢᠯ ᠤᠨ ᠨᠤᠮᠠᠢ ᠵᠦᠭᠡᠯᠡᠨ ᠡᠷ᠎ᠡ ᠭᠡᠭᠦ ᠰᠠᠭᠤᠭᠳᠠᠯ ᠢ ᠦᠭᠬᠦᠶ᠎ᠡ︕ ᠡᠭᠦᠨ ᠳᠤ ᠪᠢ ᠶᠠᠭᠤᠨ ᠤ ᠡᠮᠦᠨ᠎ᠡ ᠠᠯᠢ ᠬᠡᠵᠢᠶᠡᠨᠡᠢ ᠠᠴᠠ ᠬᠠᠷᠠᠮᠰᠠᠵᠤ ᠪᠠᠶᠢᠭᠰᠠᠨ ᠵᠠᠯᠠᠭᠤ ᠨᠠᠰᠤᠨ ᠤ ᠲᠡᠷᠡᠭᠦ ᠪᠠᠭᠰᠢ ᠳ᠋ᠠᠭᠠᠨᠨ ᠦᠷᠢᠳᠡᠵᠤ ᠪᠠᠶᠢᠭᠰᠠᠨ ᠶᠠᠪᠤᠳᠠᠯ ᠢᠶᠠᠨ ᠪᠦᠷᠢᠨ ᠪᠦᠳᠦᠨ ᠬᠢᠵᠤ ᠲᠡᠭᠦᠰᠭᠡᠶ᠎ᠡ ᠳ᠋ᠠ︕ ᠡᠨᠡ ᠵᠤᠨ ᠤ ᠠᠮᠠᠷᠠᠯᠳᠠ ᠳᠤ ᠪᠢ ᠶᠠᠭᠠᠬᠢᠭᠰᠠᠨ ᠴᠦ ᠪᠤᠥ ᠪᠠᠭᠰᠢ ᠶᠢᠨ ᠠᠷᠤ ᠭᠡᠷ ᠲᠤ ᠬᠦᠷᠴᠦ᠂ ᠪᠠᠭᠰᠢ ᠳᠠᠭᠠᠨ ᠤᠰᠤᠯ ᠪᠤᠷᠤᠭᠤ ᠪᠠᠨ ᠬᠦᠯᠢᠶᠡᠵᠤ᠂ ᠨᠠᠷᠭᠢᠮ᠎ᠠ ᠵᠠᠯᠠᠭᠤ ᠨᠠᠰᠤᠨ ᠳᠤ ᠭᠠᠷᠤᠭᠰᠠᠨ ᠡᠨᠡᠬᠦ ᠪᠤᠷᠤᠭᠤ ᠬᠡᠷᠡᠭ ᠢᠶᠠᠨ ᠨᠦᠬᠦᠪᠦᠷᠢᠯᠡᠨ ᠭᠦᠢᠴᠡᠳᠭᠡᠵᠤ᠂  ᠵᠠᠯᠠᠭᠤ ᠨᠠᠰᠤᠨ ᠤ ᠭᠡᠷᠡᠯ ᠭᠢᠯᠪᠠᠭᠠᠳᠤ ᠤᠯᠠ ᠮᠦᠷ ᠢᠶᠠᠨ ᠲᠦᠪ ᠪᠤᠯᠭᠠᠨ ᠠᠪᠤᠪᠠᠯ᠂ ᠰᠠᠶ᠋ᠢ ᠮᠢᠨᠦ ᠲᠤᠳᠤᠷ᠎ᠠ ᠰᠡᠳᠭᠢᠯ ᠠᠮᠤᠷ ᠪᠤᠯᠤᠨ᠎ᠠ ᠰᠢᠦ︕ ᠤᠳᠤ ᠬᠡᠷᠪᠡ ᠴᠠᠭ ᠲᠤᠬᠢᠶᠠᠯ ᠢ ᠠᠮᠵᠢᠨ ᠡᠨᠡᠬᠦ ᠶᠠᠪᠤᠳᠠᠯ ᠢ ᠬᠤᠷᠳᠤᠨ ᠬᠦᠢᠴᠡᠳᠭᠡᠭᠦ ᠦᠭᠡᠢ ᠶᠤᠮ ᠪᠤᠯ ᠬᠤᠶᠢᠰᠢᠳᠠ ᠴᠤᠬᠤᠮ ᠶᠠᠮᠠᠷ ᠴᠠᠭ ᠢᠶᠠᠷ ᠡᠶᠢᠮᠦ ᠵᠠᠪᠰᠢᠶᠠᠨ ᠭᠡᠵᠤ ᠤᠯᠳᠠᠬᠤ ᠪᠤᠢ︖            ᠲᠤᠯᠮ᠎ᠠ ᠨᠢ ᠲᠡᠷᠭᠡᠯ ᠤᠨ ᠬᠡᠯᠡᠬᠦ ᠡᠳᠡᠭᠡᠷ ᠦᠨᠡᠨ ᠰᠡᠳᠭᠢᠯ ᠤᠨ ᠦᠭᠡ ᠶᠢ ᠰᠤᠨᠤᠰᠤᠭᠠᠳ  ᠂ ᠪᠦᠬᠦ ᠪᠡᠶ᠎ᠡ  ᠨᠢ ᠲᠠᠭᠠᠷᠠᠳᠠᠰᠤ ᠬᠦᠷᠴᠦ᠂ ᠰᠡᠳᠭᠢᠯ ᠰᠠᠨᠠᠭ᠎ᠠ ᠨᠢ ᠡᠪᠭᠡᠷᠡᠵᠤ᠂ ᠬᠤᠶᠠᠷ ᠨᠢᠳᠤᠨ ᠠᠴᠠ ᠨᠢ ᠨᠢᠯᠪᠤᠰᠤ ᠮᠡᠯᠳᠡᠭᠡᠨᠡᠨ ᠪᠦᠮᠪᠦᠷᠢᠵᠤ ᠯᠡ ᠪᠠᠶᠢᠪᠠ᠃ ᠭᠡᠶ᠎ᠡ᠂ ᠭᠠᠳᠠᠷ ᠢᠶᠠᠨ ᠲᠡᠷᠭᠡᠯ ᠳᠤ ᠮᠡᠳᠡᠭᠳᠡᠭᠦ ᠦᠭᠡᠢ ᠪᠠᠶᠢᠵᠤ᠂ ᠪᠠᠰᠠ ᠲᠡᠷᠭᠡᠯ ᠨᠢ ᠲᠡᠶᠢᠮᠦ ᠬᠢᠯᠪᠠᠷᠬᠠᠨ ᠢᠶᠠᠷ ᠲᠡᠭᠦᠨ   ᠤ ᠦᠭᠡ ᠶᠢ ᠰᠤᠨᠤᠰᠬᠤ ᠦᠭᠡᠢ᠂ ᠬᠤᠪᠢᠨ ᠤ ᠦᠵᠡᠯᠳᠡ ᠲᠠᠢ ᠶᠢ ᠨᠢ ᠮᠡᠳᠡᠭᠦ ᠲᠤᠯᠠ᠄ ᠲᠤᠳᠤᠷ᠎ᠠ ᠪᠠᠨ ᠡᠶᠢᠮᠦ ᠬᠦᠨᠳᠦ ᠡᠪᠡᠳᠴᠢᠨ ᠢ ᠤᠯᠤᠭᠠᠳ ᠪᠠᠰᠠ ᠰᠤᠷᠤᠭᠴᠢᠳ ᠢᠶᠠᠨ ᠵᠠᠪᠠᠯ ᠰᠠᠶᠢᠨ ᠬᠢᠷᠢ ᠪᠦᠳᠦᠮᠵᠢ ᠲᠠᠢ ᠪᠠᠷ ᠲᠡᠭᠦᠰᠭᠡᠭᠦ ᠶᠢ ᠪᠤᠳᠤᠭᠠᠳ ᠯᠡ ᠪᠠᠶᠢᠵᠤ᠂ ᠲᠡᠷᠡᠭᠦ‍ ᠨᠢᠭᠡ ᠨᠠᠰᠤᠨ ᠳᠠᠭᠠᠨ ᠬᠢᠭᠡᠳ ᠢᠷᠡᠭᠰᠡᠨ ᠵᠢᠭᠠᠨ ᠰᠤᠷᠭᠠᠬᠤ ᠠᠵᠢᠯ ᠢᠶᠠᠨ ᠤᠯᠠᠮ ᠢᠯᠡᠭᠦᠥ ᠡᠷᠬᠢᠮ ᠲᠡᠭᠡᠳᠦ ᠪᠠᠷ ᠦᠵᠡᠵᠤ᠂ ᠬᠠᠷᠢᠨ ᠬᠤᠪᠢᠨ ᠤ ᠪᠡᠶ᠎ᠡ ᠶᠢᠨ  ᠢᠶᠠᠨ ᠡᠷᠡᠭᠦᠯ ᠰᠠᠷᠠᠭᠤᠯ ᠪᠤᠯᠭᠠᠬᠤ ᠶᠢ ᠦᠯᠦ ᠠᠩᠬᠠᠷᠬᠤ ᠨᠢ ᠰᠤᠨᠢᠨ ᠳ᠋ᠠ︖ ᠭᠡᠵᠤ ᠪᠤᠷᠤᠭᠤ ᠬᠠᠨᠳᠤᠨ ᠨᠢᠳᠤᠨ ᠨᠢᠯᠪᠤᠰᠤ ᠪᠠᠨ ᠰᠡᠮᠡᠬᠡᠷ ᠠᠷᠴᠢᠨ᠂ ᠲᠤᠳᠤᠷ᠎ᠠ ᠪᠠᠨ ᠰᠠᠨᠠᠭ᠎ᠠ ᠰᠡᠳᠭᠢᠯ ᠵᠤᠪᠠᠨ᠎ᠠ᠃        ᠲᠡᠷᠭᠡᠯ ᠬᠠᠷᠢᠨ᠄ ᠪᠢ ᠡᠨᠡ ᠵᠤᠨ ᠤ ᠠᠮᠠᠷᠠᠯᠳᠠ ᠶᠢ ᠠᠰᠢᠭᠯᠠᠨ ᠵᠠᠪᠠᠯ ᠪᠤᠥ ᠪᠠᠭᠰᠢ ᠪᠠᠨ ᠡᠷᠢᠬᠦ ᠦᠭᠡᠢ ᠶᠤᠮ ᠪᠤᠯ ᠬᠤᠵᠢᠮ ᠴᠤᠬᠤᠮ ᠶᠠᠮᠠᠷ ᠦᠷ᠎ᠡ ᠳ᠋ᠦᠩ ᠲᠠᠢ ᠪᠤᠯᠬᠤ ᠶᠢ ᠬᠡᠨ ᠮᠡᠳᠡᠭᠦ ᠶᠤᠮ ᠪᠤᠢ︖ ᠭᠡᠵᠤ ᠬᠡᠯᠡᠨ᠎ᠡ᠃ ᠶᠠᠭᠤ ᠬᠡᠯᠡᠭᠰᠡᠨ ᠴᠦ ᠪᠢ ᠤᠳᠠᠭᠠᠨ ᠤᠨ ᠤ ᠪᠤᠳᠤᠵᠤ ᠢᠷᠡᠭᠰᠡᠨ ᠡᠨᠡᠬᠦ ᠶᠠᠪᠤᠳᠠᠯ ᠢᠶᠠᠨ ᠡᠷᠬᠢᠯᠡᠨ ᠬᠢᠬᠦ ᠦᠭᠡᠢ ᠶᠤᠮ ᠪᠤᠯ ᠴᠤᠬᠤᠮ ᠨᠢᠭᠡ ᠨᠠᠰᠤᠨ ᠤ ᠬᠠᠷᠠᠮᠰᠠᠯ ᠪᠤᠯᠬᠤ ᠶᠤᠮ᠃ ᠪᠢ ᠡᠨᠡ ᠨᠠᠰᠤᠨ ᠳᠠᠭᠠᠨ ᠲᠡᠶᠢᠮᠦ ᠶᠡᠭᠡ ᠨᠤᠶᠠᠨ ᠤ ᠵᠡᠷᠭᠡ ᠳᠤ ᠬᠦᠷᠦᠭᠰᠡᠨ ᠦᠭᠡᠢ᠂ ᠲᠡᠶᠢᠮᠦ ᠠᠷᠪᠢᠨ ᠵᠤᠭᠤᠰ ᠵᠤᠭ᠎ᠠ ᠴᠤᠭᠯᠠᠭᠤᠯᠤᠭᠰᠠᠨ ᠦᠭᠡᠢ᠂ ᠬᠤᠯᠠ ᠤᠶᠢᠷ᠎ᠠ ᠳᠤ ᠲᠡᠶᠢᠮᠦ ᠶᠡᠭᠡ ᠨᠡᠷ᠎ᠡ ᠠᠯᠳᠠᠷ ᠭᠠᠷᠤᠭᠰᠠᠨ ᠦᠭᠡᠢ᠃  ᠭᠡᠪᠡᠴᠦ ᠡᠨᠡ ᠨᠠᠰᠤᠨ ᠳᠤ ᠰᠠᠨᠠᠭ᠎ᠠ ᠰᠡᠳᠭᠢᠯ ᠳᠤ ᠲᠦᠪᠡᠭᠳᠡᠬᠦ ᠦᠭᠡᠢ ᠬᠢᠭᠰᠡᠨ ᠶᠠᠪᠤᠳᠠᠯ ᠭᠡᠪᠡᠯ ᠵᠦᠪᠬᠡᠨ ᠡᠨᠡᠬᠦ ᠶᠠᠪᠤᠳᠠᠯ ᠪᠤᠯᠬᠤ ᠲᠤᠯᠠ᠂ ᠲᠡᠷᠡ ᠴᠠᠭ ᠮᠦᠴᠡ ᠳᠤ ᠴᠦᠯᠳᠤ ᠮᠦᠯᠲᠦ ᠪᠠᠷ ᠴᠠᠭ ᠲᠦᠷᠦ ᠶᠢᠨ ᠤᠷᠤᠰᠬᠠᠯ ᠢ ᠲᠠᠭᠠᠵᠤ᠂ ᠡᠨᠡᠬᠦ ᠲᠡᠨᠡᠭ ᠮᠤᠩᠬᠠᠭ ᠶᠠᠪᠤᠳᠠᠯ ᠢ ᠬᠢᠭᠰᠡᠨ ᠳᠡᠭᠡᠨ ᠬᠠᠷᠠᠮᠰᠠᠭᠠᠳ ᠪᠠᠷᠠᠬᠤ ᠦᠭᠡᠢ᠂ ᠡᠶᠢᠮᠦ ᠠᠴᠠ ᠪᠢ ᠵᠠᠪᠠᠯ ᠪᠠᠭᠰᠢ ᠶᠢᠨ ᠢᠶᠠᠨ ᠲᠡᠨᠳᠡ ᠬᠦᠷᠴᠦ᠂ ᠤᠷᠳᠤ ᠬᠤᠭᠤᠴᠠᠭᠠᠨ ᠤ ᠲᠤᠷᠰᠢ ᠰᠡᠳᠭᠢᠯ ᠰᠠᠨᠠᠭᠠᠨ ᠤ ᠡᠨᠡᠬᠦ ᠬᠦᠨᠳᠦ ᠲᠡᠭᠡᠭᠡᠷ᠎ᠡ ᠪᠠᠨ ᠠᠪᠴᠤ ᠬᠠᠶᠠᠵᠤ᠂ ᠰᠡᠳᠭᠢᠯ ᠠᠮᠤᠷᠠᠶ᠎ᠠ︕ ᠭᠡᠵᠤ ᠬᠡᠯᠡᠵᠤ ᠪᠠᠷᠠᠭᠠᠳ ᠪᠢᠴᠢᠭ ᠤᠨ ᠭᠡᠷ ᠤᠷᠤᠭᠤ ᠪᠠᠨ ᠤᠷᠤᠵᠤ᠂ ᠰᠢᠷᠡᠭᠡᠨ ᠲᠡᠭᠡᠷ᠎ᠡ ᠨᠢ ᠪᠠᠶᠢᠭᠰᠠᠨ ᠪᠤᠭᠴᠤ ᠪᠠᠨ ᠠᠪᠴᠤ᠂ ᠲᠤᠳᠤᠷ᠎ᠠ ᠨᠢ ᠬᠢᠴᠢᠶᠡᠯ ᠤᠨ ᠨᠤᠮ᠂ ᠵᠢᠭᠠᠬᠤ ᠪᠡᠯᠡᠳᠭᠡᠮᠵᠢ ᠪᠠᠨ ᠬᠢᠭᠡᠳ ᠭᠠᠷᠴᠤ ᠶᠠᠪᠤᠯ᠎ᠠ᠃ ᠶᠠᠭ ᠡᠨᠡ ᠦᠶᠡᠰ ᠲᠤ ᠲᠣᠯᠮ᠎ᠠ ᠠᠴᠠ ᠲᠡᠷᠭᠡᠯ ᠤᠨ ᠪᠠᠶ᠎ᠠ ᠳᠡᠭᠡᠨ ᠦᠷᠭᠦᠯᠵᠢ ᠠᠪᠴᠤ ᠶᠠᠪᠤᠳᠠᠭ ᠴᠤᠮᠤ ᠳᠤᠨᠢ ᠤᠰᠤ ᠲᠦᠭᠦᠷᠭᠡᠭᠡᠳ ᠲᠡᠷᠭᠡᠯ ᠳᠤ ᠭᠠᠷᠳᠠᠭᠤᠯᠪᠠ᠃ ᠲᠡᠷᠭᠡᠯ ᠴᠤᠮᠤ ᠶᠢ ᠲᠤᠰᠤᠨ ᠠᠪᠤᠭᠠᠳ ᠪᠤᠭᠴᠤᠨ  ᠳᠠᠭᠠᠨ ᠬᠢᠬᠦ ᠳᠤ ᠲᠤᠯᠮ᠎ᠠ᠄ ᠴᠢᠨᠦ ᠡᠨᠡᠬᠦ ᠬᠠᠯᠠᠭᠤᠨ ᠤᠰᠤ ᠬᠠᠳᠠᠭᠠᠯᠠᠬᠤ ᠴᠤᠮᠤ ᠴᠢᠨᠢ ᠤᠭᠤ ᠴᠦ ᠪᠠᠭ᠎ᠠ ᠪᠤᠯᠴᠢᠵᠠᠢ ᠂ ᠲᠡᠮᠡᠢ ᠠᠷᠪᠢᠨ ᠤᠰᠤ ᠤᠷᠤᠬᠤ ᠦᠭᠡᠢ᠂ ᠲᠡᠷᠭᠡᠯ ᠲᠤᠰᠤᠨ ᠠᠪᠤᠭᠠᠳ ᠬᠡᠳᠦᠨ ᠠᠮᠠ ᠤᠭᠤᠴᠢᠬᠤ ᠳᠤ ᠲᠤᠯᠮ᠎ᠠ᠄ ᠪᠠᠰᠠ ᠬᠡᠳᠦᠨ ᠠᠮᠠ ᠤᠥᠭᠤᠴᠢᠬ᠎ᠠ ᠳ᠋ᠠ︕ ᠪᠢ ᠲᠠᠬᠢᠭᠠᠳ ᠲᠦᠭᠦᠷᠭᠡᠶ᠎ᠡ︕ ᠭᠡᠪᠡ᠃ ᠡᠨᠡ ᠦᠶᠡᠰ ᠲᠤ ᠲᠤᠯᠮ᠎ᠠ ᠬᠡᠯᠡᠶ᠎ᠡ ᠭᠡᠰᠡᠨ ᠦᠭᠡ ᠬᠡᠳᠦᠢ ᠤᠯᠠᠨ ᠪᠠᠶᠢᠪᠠᠴᠤ᠂ ᠬᠡᠯᠡ ᠲᠠᠩᠨᠠᠢ ᠲᠤᠯᠤᠭᠠᠳ ᠬᠡᠯᠡᠵᠤ ᠭᠠᠷᠭᠠᠭᠰᠠᠨ ᠦᠭᠡᠢ᠂ ᠬᠠᠷᠢᠨ ᠲᠤᠳᠤᠷ᠎ᠠ ᠪᠠᠨ᠄ ᠴᠢ ᠬᠡᠷᠪᠡ ᠦᠨᠡᠭᠡᠷ ᠶᠠᠪᠤᠴᠢᠬᠠᠪᠠᠯ ᠪᠢ ᠤᠳᠤ ᠭᠠᠭᠴᠠᠭᠠᠷ ᠶᠠᠭᠠᠬᠢᠳᠠᠭ ᠪᠢᠯᠡ︖ ᠬᠡᠥᠬᠡᠳ ᠪᠠᠰᠠ ᠭᠠᠳᠠᠭᠠᠳᠤ ᠤᠯᠤᠰ ᠲᠤ ᠪᠤᠢ︕ ᠭᠠᠳᠠᠭᠠᠳᠤ ᠤᠯᠤᠰ ᠠᠴᠠ ᠬᠡᠥᠬᠡᠳ ᠢᠶᠠᠨ ᠠᠪᠴᠤ ᠢᠷᠡᠶ᠎ᠡ ᠭᠡᠭᠦ  ᠳᠤ ᠨᠢᠭᠡᠨᠳᠡ ᠲᠡᠨᠳᠡ ᠤᠷᠤᠨ ᠰᠠᠭᠤᠴᠠ ᠪᠠᠨ ᠴᠦ ᠲᠤᠬᠢᠷᠠᠭᠤᠯᠣᠤᠭᠰᠠᠨ ᠶᠤᠮ ᠴᠢᠨᠢ᠂ ᠠᠷᠭ᠎ᠠ ᠦᠭᠡᠢ᠃ ᠶᠠᠮᠠᠷ ᠪᠤᠯᠤᠭᠰᠠᠨ ᠴᠦ ᠬᠠᠰᠢᠯᠠ ᠮᠠᠨ ᠤ ᠤᠯᠤᠰ ᠡᠯ᠎ᠡ ᠲᠠᠯ᠎ᠠ ᠪᠠᠷ ᠪᠤᠰᠤᠳ ᠤᠯᠤᠰ ᠠᠴᠠ ᠬᠤᠯᠠ ᠲᠡᠭᠡᠷ᠎ᠡ ᠶᠤᠮ ᠳ᠋ᠠ︕ ᠤᠨᠴᠠᠭᠠᠶᠢᠯᠠᠨ ᠠᠵᠤ ᠠᠮᠢᠳᠤᠷᠠᠯ ᠤᠨ ᠲᠠᠯ᠎ᠠ ᠪᠠᠷ᠂ ᠨᠤᠳᠤᠭ ᠤᠷᠤᠨ ᠤ ᠵᠠᠩ ᠵᠠᠩᠰᠢᠯ ᠤᠨ ᠲᠠᠯ᠎ᠠ ᠪᠠᠷ ᠬᠠᠰᠢᠯᠠ ᠦᠪᠡᠷ ᠤᠨ ᠤᠯᠤᠰ ᠭᠡᠷ᠂ ᠨᠤᠳᠤᠭ ᠲᠡᠪᠢᠰᠭᠡᠷ ᠰᠠᠶᠢᠨ ᠪᠦᠭᠡᠳ ᠦᠬᠦᠭᠰᠡᠨ ᠴᠦ ᠦᠪᠡᠷ ᠤᠨ ᠨᠤᠳᠤᠭ ᠲᠡᠪᠢᠰᠭᠡᠷ ᠲᠡᠭᠡᠷ᠎ᠡ ᠪᠠᠨ ᠪᠤᠯ ᠰᠡᠳᠭᠢᠯ ᠠᠮᠤᠷ ᠨᠢᠳᠦ ᠠᠨᠢᠬᠤ ᠶᠤᠮ ᠳ᠋ᠠ︕ ᠡᠳᠡᠭᠡᠷ ᠪᠦᠬᠦᠨ ᠢ ᠲᠤᠯᠮ᠎ᠠ ᠵᠦᠪᠭᠡᠨ ᠲᠤᠳᠤᠷ᠎ᠠ  ᠪᠠᠨ ᠪᠤᠳᠤᠭᠠᠳ ᠦᠩᠭᠡᠷᠡᠭᠦ ᠠᠴᠠ ᠪᠢᠰᠢ ᠬᠡᠷᠬᠢᠨ ᠬᠡᠯᠡᠵᠤ ᠭᠠᠷᠭᠠᠵᠤ ᠲᠡᠶᠢᠯᠬᠦ ᠠᠵᠠᠢ᠃ ᠬᠡᠷᠪᠡ ᠡᠭᠦᠨ ᠢ ᠬᠡᠯᠡᠪᠡᠯ ᠲᠡᠷᠭᠡᠯ ᠴᠦ ᠤᠯᠠᠮ ᠢᠯᠡᠭᠦᠥ ᠡᠪᠡᠳᠴᠢᠨ ᠨᠢ ᠬᠦᠨᠳᠦᠷᠡᠭᠦ ᠶᠢ ᠲᠡᠷᠡ ᠲᠤᠪ ᠲᠤᠳᠤᠷᠬᠠᠢ ᠮᠡᠳᠡᠨ᠎ᠡ᠃ ᠭᠡᠪᠡᠴᠦ ᠨᠢᠭᠡ ᠲᠠᠯ᠎ᠠ ᠪᠠᠷ ᠡᠷ᠎ᠡ ᠨᠦᠬᠦᠷ ᠤᠨ ᠬᠢᠨᠢ ᠬᠡᠯᠡᠬᠦ ᠨᠢ ᠪᠠᠰᠠ ᠲᠤᠶᠢᠯ ᠤᠨ ᠶᠤᠰᠤᠳᠠᠢ ᠪᠠᠶᠢᠨ᠎ᠠ᠂  ᠮᠠᠰᠢ ᠤᠯᠠᠨ ᠦᠮᠡᠨ ᠡᠪᠡᠳᠴᠢᠳᠡᠨ ᠪᠠᠰᠠ ᠠᠷᠪᠠ ᠬᠤᠷᠢᠨ ᠵᠢᠯ ᠠᠮᠢᠳᠤᠷᠠᠵᠤ ᠪᠠᠶᠢᠨ᠎ᠠ᠃ ᠵᠠᠷᠢᠮ ᠳᠠᠭᠠᠨ ᠲᠡᠷᠡᠭᠦ ᠦᠮᠡᠨ ᠡᠪᠡᠳᠴᠢᠨ ᠢ  ᠴᠦ ᠤᠯᠤᠭᠰᠠᠨ ᠦᠭᠡᠢ  ᠪᠦᠭᠡᠳ ᠲᠤᠶᠢᠯ ᠤᠨ ᠡᠷᠡᠭᠦᠯ ᠰᠠᠷᠠᠭᠤᠯ ᠬᠦᠮᠦᠰ ᠴᠢᠨᠢ ᠬᠠᠷᠢᠨ ᠦᠮᠡᠨ ᠡᠪᠡᠳᠴᠢᠨ ᠤᠯᠤᠭᠰᠨ ᠬᠦᠮᠦᠨ ᠠᠴᠠ ᠴᠦ ᠤᠷᠢᠳᠠᠪᠡᠷ ᠶᠢᠷᠳᠢᠨᠴᠦ ᠠᠴᠠ ᠶᠠᠪᠤᠵᠤ ᠴᠦ ᠮᠡᠳᠡᠨ᠎ᠡ᠃ ᠲᠤᠯᠮ᠎ᠠ ᠶᠢᠨ ᠪᠤᠳᠤᠬᠤ ᠪᠠᠷ ᠬᠡᠷᠪᠡ ᠡᠷ᠎ᠡ ᠨᠦᠬᠦᠷ ᠨᠢ ᠪᠠᠰᠠ ᠬᠤᠷᠢ ᠭᠤᠴᠢᠨ ᠵᠢᠯ ᠠᠮᠢᠳᠤ ᠶᠠᠪᠤᠪᠠᠯ᠂ ᠪᠢ ᠬᠠᠷᠢᠨ ᠲᠡᠭᠦᠨ ᠠᠴᠠ ᠴᠦ ᠤᠷᠢᠳᠠᠪᠠᠷ ᠶᠠᠪᠤᠵᠤ ᠮᠡᠳᠡᠨ᠎ᠡ᠃ ᠡᠳᠡᠭᠡᠷ ᠪᠦᠬᠦᠨ ᠢ ᠵᠦᠪᠭᠡᠨ ᠲᠤᠳᠤᠷ᠎ᠠ ᠪᠠᠨ ᠪᠤᠳᠤᠭᠠᠳ᠂ ᠪᠤᠳᠤᠬᠤ ᠲᠤᠳᠤᠮ ᠰᠡᠳᠭᠢᠯ ᠰᠠᠨᠠᠭ᠎ᠠ ᠨᠢ ᠬᠠᠷᠢᠨ ᠤᠯᠠᠮ ᠴᠦ ᠡᠪᠭᠡᠷᠡᠯᠳᠦᠵᠤ᠂ ᠪᠢ ᠬᠡᠷᠪᠡ ᠲᠡᠭᠦᠨ ᠠᠴᠠ ᠤᠷᠢᠳᠠᠪᠡᠷ ᠶᠠᠪᠤᠪᠠᠯ ᠲᠡᠭᠦᠨ  ᠤ ᠬᠤᠪᠴᠠᠰᠤ ᠬᠤᠨᠠᠷ ᠢ ᠨᠢ ᠬᠡᠨ ᠤᠬᠢᠶᠠᠵᠤ ᠴᠡᠪᠡᠷᠯᠡᠨ᠂ ᠲᠡᠭᠦᠨ ᠳᠤ ᠬᠡᠨ ᠴᠤᠬᠤᠮ ᠪᠤᠳᠠᠭ᠎ᠠ ᠨᠤᠭᠤᠭ᠎ᠠ ᠬᠢᠵᠤ ᠦᠭᠬᠦ ᠪᠤᠢ︖ ᠬᠠᠥᠯᠢ ᠲᠡᠭᠡᠷ᠎ᠡ ᠬᠡᠳᠦᠶᠢᠪᠡᠷ ᠦᠳᠡᠯᠦᠭᠡ ᠨᠠᠰᠤᠳᠠᠳ ᠲᠠᠬᠢᠨ ᠤᠷᠤᠭᠯᠠᠵᠤ ᠪᠤᠯᠬᠤ ᠪᠤᠯᠪᠠᠴᠤ᠂ ᠲᠠᠬᠢᠨ ᠤᠷᠤᠭᠯᠠᠭᠰᠠᠨ ᠤ ᠲᠠᠷᠠᠭ᠎ᠠ ᠬᠤᠶᠠᠷ ᠬᠦᠮᠦᠨ ᠪᠠᠰᠠ ᠬᠡᠵᠢᠶᠠᠳᠠ ᠬᠠᠮᠳᠤ ᠪᠠᠶᠢᠵᠤ ᠲᠡᠶᠢᠯᠬᠦ ᠡᠰᠡᠭᠦ ᠶᠢ ᠬᠡᠨ ᠴᠦ ᠮᠡᠳᠡᠭᠦ ᠦᠭᠡᠢ᠂ ᠬᠤᠪᠢ ᠬᠤᠪᠢᠨ ᠤ ᠲᠤᠷ᠎ᠠ ᠰᠤᠨᠢᠷᠬᠠᠯ᠂ ᠠᠪᠢᠶᠠᠰ ᠴᠢᠳᠠᠪᠤᠷᠢ᠂ ᠡᠪᠡᠳᠴᠢᠨ ᠡᠮᠭᠡᠭ ᠨᠢ ᠴᠦ ᠬᠦᠷᠳᠡᠯ᠎ᠡ ᠠᠳᠠᠯᠢ ᠦᠭᠡᠢ ᠶᠤᠮ ᠴᠢᠨᠢ ᠳ᠋ᠡ︖ ᠲᠡᠷᠡ ᠦᠶᠡᠰ ᠲᠤ ᠯᠠᠪᠳᠠᠢ ᠲᠡᠶᠢᠮᠦ ᠰᠠᠶᠢᠨ ᠰᠠᠶᠢᠬᠠᠨ ᠵᠤᠯ ᠵᠢᠷᠭᠠᠯᠳᠠᠢ ᠠᠮᠢᠳᠤᠷᠠᠵᠤ ᠴᠢᠳᠠᠬᠤ ᠦᠭᠡᠢ ᠪᠠᠶᠢᠬ᠎ᠠ︖ ᠡᠳᠡᠭᠡᠷ ᠪᠦᠬᠦᠨ ᠢ ᠲᠤᠳᠤᠷ᠎ᠠ ᠪᠠᠨ ᠪᠤᠳᠤᠭᠰᠠᠭᠠᠷ ᠪᠠᠶᠢᠵᠤ᠂ ᠬᠠᠷᠢᠨ ᠠᠮᠠᠨ ᠲᠤᠳᠤᠷ᠎ᠠ ᠪᠠᠨ ᠤᠪᠤᠷ ᠲᠤᠪᠤᠷ ᠶᠠᠷᠢᠬᠤ ᠶᠤᠮ ᠰᠢᠭ ᠪᠠᠶᠢᠭᠰᠠᠭᠠᠷ ᠲᠡᠷᠭᠡᠯ ᠤᠨ ᠢᠶᠠᠨ ᠬᠤᠶᠢᠨ᠎ᠠ ᠠᠴᠠ ᠬᠦᠷᠢᠶᠡᠨ ᠲᠤᠮᠳᠠ ᠪᠠᠨ ᠬᠦᠷᠳᠡᠯ᠎ᠡ ᠮᠤᠷᠳᠠᠭᠤᠯᠵᠤ ᠪᠠᠶᠢᠯ᠎ᠠ᠃              ᠲᠤᠯᠮ᠎ᠠ ᠬᠠᠷᠢᠨ᠄  ᠪᠢ ᠴᠦ ᠲᠡᠮᠡᠢ ᠤᠴᠢᠷ ᠦᠭᠡᠢ ᠲᠤᠯᠠ ᠪᠢᠳᠡ ᠬᠤᠶᠠᠭᠤᠯᠠ ᠪᠠᠨ ᠬᠠᠮᠳᠤ ᠪᠠᠷ ᠶᠠᠪᠤᠶ᠎ᠠ ︕ ᠭᠡᠪᠡ᠃          ᠲᠡᠷᠭᠡᠯ ᠬᠠᠷᠢᠨ ᠲᠡᠮᠡᠢ ᠴᠦ ᠦᠭᠡ ᠬᠡᠯᠡᠬᠦ ᠦᠭᠡᠢ᠂ ᠰᠤᠷᠭᠠᠭᠤᠯᠢ ᠪᠠᠨ ᠰᠢᠭᠤᠳ ᠴᠢᠭᠯᠡᠨ ᠶᠠᠪᠤᠪᠠ᠃ ᠲᠤᠯᠮ᠎ᠠ ᠬᠠᠷᠢᠨ ᠲᠡᠷᠭᠡᠯ ᠲᠠᠢ ᠪᠠᠨ ᠮᠦᠷᠦ ᠵᠡᠷᠭᠡᠴᠡᠨ ᠶᠠᠪᠤᠬᠤ ᠶᠢᠨ ᠬᠠᠮᠳᠤ ᠪᠠᠰᠠ ᠯᠡ ᠦᠩᠭᠡᠷᠡᠭᠰᠡᠨ ᠲᠠᠢ ᠪᠠᠨ ᠠᠳᠠᠯᠢ ᠪᠠᠷ ᠲᠡᠷᠭᠡᠯ ᠤᠨ ᠢᠶᠠᠨ ᠭᠠᠷ ᠤᠨ ᠠᠳᠬᠤᠭᠠᠯ ᠠᠴᠠ ᠨᠢ ᠪᠠᠷᠢᠨ ᠤᠷᠤᠭᠰᠢ ᠪᠠᠨ ᠶᠠᠪᠤᠨ᠎ᠠ᠃ ᠲᠡᠮᠡᠢ ᠶᠠᠪᠤᠭᠰᠠᠨ ᠦᠭᠡᠢ ᠲᠡᠷᠭᠡᠯ ᠲᠤᠯᠤᠭᠠᠢ ᠡᠷᠬᠢᠨ᠄ ᠡᠨᠡ ᠬᠡᠳᠦᠨ ᠡᠳᠦᠷ ᠲᠤ ᠴᠢ ᠵᠠᠪᠠᠯ ᠪᠤᠥ ᠪᠠᠭᠰᠢ ᠶᠢᠨ ᠦᠷ᠎ᠡ ᠬᠡᠥᠬᠡᠳ ᠲᠤ ᠲᠤᠬᠤᠨᠢᠭᠤᠯᠬᠤ ᠲᠤᠷᠠᠰᠬᠠᠯ ᠤᠨ ᠪᠤᠳᠠᠰ ᠢ ᠪᠡᠯᠡᠳᠭᠡᠭᠦ ᠬᠡᠷᠡᠭᠳᠡᠢ᠂ ᠪᠢ ᠪᠤᠥ ᠪᠠᠭᠰᠢ ᠶᠢᠨ ᠦᠷ᠎ᠡ ᠬᠡᠥᠬᠡᠳ ᠲᠠᠢ ᠤᠴᠠᠷᠠᠪᠠᠯ ᠵᠠᠪᠠᠯ ᠲᠡᠳᠡᠨᠡᠷ ᠲᠤ ᠲᠤᠷᠠᠰᠬᠠᠯ ᠤᠨ ᠪᠤᠳᠠᠰ ᠬᠦᠷᠭᠡᠨ᠎ᠡ᠂ ᠶᠠᠭᠠᠬᠢᠭᠰᠠᠨ ᠴᠦ ᠬᠤᠭᠤᠰᠤᠨ ᠭᠠᠷ ᠢᠶᠠᠨ ᠰᠠᠵᠢᠵᠤ ᠲᠡᠨᠳᠡ ᠤᠴᠢᠵᠤ ᠪᠤᠯᠬᠤ ᠦᠭᠡᠢ ᠪᠠ︖            ᠲᠤᠯᠮ᠎ᠠ ᠬᠠᠷᠢᠨ᠄ ᠠᠮᠤᠷᠰᠠᠨᠠᠭ᠎ᠠ ᠬᠡᠯᠡᠭᠰᠡᠨ ᠪᠢᠰᠢᠦ︖ ᠴᠠᠭ ᠨᠢ ᠲᠤᠯᠪᠠᠯ ᠲᠡᠭᠦᠨ ᠠᠴᠠ ᠬᠤᠶᠠᠷ ᠲᠦᠮᠡᠨ ᠲᠢᠦᠭᠦᠷᠢᠭ ᠢ ᠨᠢ ᠠᠪᠤᠭᠠᠳ ᠪᠤᠥ ᠪᠠᠭᠰᠢ ᠶᠢᠨ ᠦᠷ᠎ᠡ ᠬᠡᠥᠬᠡᠳ ᠲᠤ ᠦᠭᠬᠦᠪᠡᠯ ᠲᠠᠷᠤᠢ ᠪᠤᠯᠴᠢᠬᠠᠬᠤ ᠪᠢᠰᠢᠤ︖            ᠲᠡᠷᠭᠡᠯ ᠬᠠᠷᠢᠨ᠄ ᠲᠡᠷᠡ ᠨᠢ ᠮᠢᠨᠦ ᠦᠵᠡᠬᠦ ᠪᠠᠷ ᠵᠦᠪᠭᠡᠨ ᠠᠮᠤᠷᠰᠠᠨᠠᠭ᠎ᠠ ᠶᠢᠨ ᠰᠡᠳᠭᠢᠯ ᠪᠤᠯᠬᠤ ᠶᠤᠮ᠂ ᠪᠢᠳᠡ ᠪᠠᠰᠠ ᠵᠠᠪᠠᠯ ᠬᠤᠪᠢᠨ ᠤ ᠰᠡᠳᠬᠢᠯ ᠢᠶᠠᠨ ᠭᠦᠢᠴᠡᠳᠭᠡᠭᠦ ᠬᠡᠷᠡᠭᠳᠡᠢ ᠰᠢᠦ︕            ᠲᠤᠯᠮ᠎ᠠ᠄ ᠮᠢᠨᠦ ᠪᠤᠳᠤᠬᠤ ᠪᠠᠷ ᠠᠮᠤᠷᠰᠠᠨᠠᠭ᠎ᠠ ᠵᠤᠭᠤᠰ ᠭᠠᠷᠭᠠᠪᠠᠯ᠂ ᠪᠢᠳᠡ ᠪᠠᠰᠠ ᠲᠤᠷᠠᠰᠬᠠᠯ ᠤᠨ ᠪᠤᠳᠠᠰ ᠭᠠᠷᠭᠠᠬᠤ ᠬᠡᠷᠡᠭᠳᠡᠢ᠂  ᠬᠠᠷᠢᠨ ᠤᠴᠠᠷᠠᠮᠠᠭᠴᠠ ᠵᠤᠭᠤᠰ ᠦᠭᠬᠦᠪᠡᠯ ᠪᠠᠭ᠋ᠠᠨ ᠡᠪ ᠦᠭᠡᠢ ᠰᠢᠭ᠂ ᠤᠷᠢᠳᠠᠪᠡᠷ ᠪᠠᠰᠠ ᠪᠡᠯᠡᠭ ᠰᠠᠯᠳᠠ ᠦᠭᠴᠦ᠂ ᠶᠠᠭᠤᠨ ᠤ ᠡᠮᠦᠨ᠎ᠡ ᠦᠪᠡᠷ ᠤᠨ ᠰᠡᠳᠬᠢᠯ ᠢᠶᠠᠨ ᠬᠦᠢᠴᠡᠳᠭᠡᠭᠦ ᠨᠢ ᠴᠢᠬᠤᠯᠠ ᠰᠢᠦ ᠳ᠋ᠡ︕              ᠲᠡᠷᠭᠡᠯ᠄ ᠪᠢ ᠪᠠᠰᠠ ᠲᠡᠭᠡᠵᠤ ᠪᠤᠳᠤᠵᠤ ᠪᠠᠶᠢᠭᠰᠠᠨ᠂ ᠴᠢᠩᠭᠢᠪᠡᠯ ᠪᠢᠳᠡ ᠤᠷᠢᠳᠠᠪᠡᠷ ᠴᠤᠬᠤᠮ ᠶᠠᠭᠤ ᠠᠪᠬᠤ ᠪᠠᠨ ᠪᠤᠳᠤᠯᠬᠢᠯᠠᠶ᠎ᠠ︕ ᠪᠢᠳᠡ ᠵᠠᠪᠠᠯ ᠠᠪᠴᠤ ᠶᠠᠪᠤᠬᠤ ᠳᠤ ᠲᠦᠬᠦᠮ ᠲᠦᠳᠡ᠂ ᠪᠠᠰᠠ ᠲᠤᠷᠠᠰᠬᠠᠯ ᠪᠤᠯᠭᠠᠬᠤ ᠭᠦᠨ ᠤᠳᠬ᠎ᠠ ᠠᠭᠤᠯᠭ᠎ᠠ ᠲᠠᠢ ᠪᠤᠳᠠᠰ ᠢ ᠠᠪᠬᠤ ᠬᠡᠷᠡᠭᠳᠡᠢ ᠰᠢᠦ︕              ᠲᠤᠯᠮ᠎ᠠ᠄ ᠪᠢ ᠡᠨᠡ ᠬᠡᠳᠦᠨ ᠡᠳᠦᠷ ᠲᠠᠷᠤᠢ ᠪᠤᠳᠤᠯᠬᠢᠯᠠᠵᠤ ᠪᠠᠶᠢᠭᠠᠳ ᠠᠪᠤᠶ᠎ᠠ᠂ ᠲᠠ ᠰᠠᠨᠠᠭ᠎ᠠ ᠠᠮᠤᠷ ᠪᠠᠢ ︕            ᠲᠡᠷᠭᠡᠯ ᠰᠤᠷᠭᠠᠭᠤᠯᠢ ᠶᠢᠨ ᠢᠶᠠᠨ ᠡᠭᠦᠳᠡᠨ ᠡᠮᠦᠨ᠎ᠡ ᠨᠢ ᠬᠦᠷᠭᠦ   ᠳᠤ᠂ ᠵᠠᠮ ᠤᠨ ᠬᠤᠶᠠᠷ ᠲᠠᠯ᠎ᠠ ᠪᠠᠷ ᠵᠢᠵᠢᠭᠦᠷ ᠰᠤᠷᠤᠭᠴᠢᠳ ᠬᠤᠶᠠᠷ ᠮᠦᠷᠢᠯᠡᠨ ᠵᠤᠭᠰᠤᠵᠤ᠂ ᠭᠦᠨ ᠴᠡᠩᠭᠡᠷ ᠭᠦᠬᠡ ᠤᠭᠳᠠᠷᠭᠤᠢ ᠶᠢᠨ ᠲᠤᠥᠷ᠎ᠠ᠂ ᠲᠤᠯᠠᠶᠢᠨ ᠮᠠᠨᠳᠤᠭᠰᠠᠨ ᠬᠤᠷᠴᠠ ᠨᠠᠷᠠᠨ ᠤ ᠭᠡᠷᠡᠯ ᠳᠤ ᠡᠳᠡᠭᠡᠷ ᠵᠢᠵᠢᠬᠦᠷ ᠰᠤᠷᠤᠭᠴᠢᠳ ᠤᠨ ᠬᠦᠵᠦᠭᠦᠨ ᠳᠠᠬᠢ ᠤᠯᠠᠭᠠᠨ ᠪᠦᠴᠡ ᠬᠢᠭᠡᠳ ᠭᠠᠷ ᠤᠨ ᠠᠳᠬᠤᠭᠠᠯ ᠲᠡᠭᠡᠷ᠎ᠡ ᠪᠠᠨ ᠵᠡᠬᠦᠭᠰᠡᠨ ᠵᠢᠵᠢᠭᠦᠷᠴᠢᠨ ᠤ ᠤᠯᠠᠭᠠᠨ ᠲᠡᠮᠳᠡᠭ ᠨᠢ ᠤᠠᠯᠠᠮ ᠬᠤᠷᠴᠠ ᠤᠯᠠᠯᠵᠢᠨ᠎ᠠ᠃  ᠲᠤᠬᠠᠢ ᠶᠢᠨ ᠵᠢᠯ ᠳᠤ ᠪᠤᠥ ᠪᠠᠭᠰᠢ ᠪᠠᠨ ᠪᠤᠷᠤᠭᠤᠰᠢᠶᠠᠨ ᠰᠢᠭᠦᠮᠵᠢᠯᠡᠵᠤ ᠪᠠᠶᠢᠬᠤ ᠦᠶ᠎ᠡ ᠳᠤ᠂ ᠮᠦᠨ ᠯᠡ ᠬᠤᠷᠴᠠ ᠤᠯᠠᠭᠠᠨ  ᠨᠠᠷᠠᠨ ᠤ ᠭᠡᠷᠡᠯ ᠰᠠᠴᠤᠷᠠᠵᠤ᠂ ᠬᠦᠭᠡ ᠤᠭᠳᠠᠷᠭᠤᠢ ᠳᠤ ᠮᠦᠨ ᠯᠡ ᠬᠦᠪᠦᠩ ᠴᠠᠭᠠᠨ ᠡᠭᠦᠯᠡ ᠴᠠᠶᠢᠷᠠᠵᠤ ᠪᠠᠶᠢᠭᠰᠠᠨ ᠶᠤᠮ᠃  ᠮᠠᠨ ᠤ ᠲᠡᠳᠡᠭᠡᠷ  ᠤᠯᠠᠨ ᠰᠤᠷᠤᠭᠴᠢᠳ ᠴᠡᠷᠢᠭ   ᠤᠨ ᠬᠦᠮᠦᠨ ᠤ ᠵᠤᠵᠠᠭᠠᠨ ᠠᠷᠠᠰᠤᠨ ᠲᠠᠶᠢᠰᠠ ᠪᠠᠷ ᠪᠤᠥ ᠪᠠᠭᠰᠢ ᠶᠢᠨ ᠴᠢᠷᠠᠢ ᠶᠢ ᠡᠭᠡᠯᠵᠢᠯᠡᠨ ᠴᠤᠬᠢᠵᠤ᠂ ᠪᠠᠭᠰᠢ ᠶᠢᠨ ᠮᠢᠨᠢ ᠨᠢᠭᠤᠷ ᠴᠢᠷᠠᠢ ᠠᠴᠠ ᠤᠯᠠᠭᠠᠨ ᠴᠢᠰᠤ ᠤᠷᠤᠰᠴᠤ᠂ ᠤᠷᠤᠰᠤᠭᠰᠠᠨ ᠴᠢᠰᠦ ᠨᠢ ᠴᠠᠪ ᠴᠠᠭᠠᠬᠠᠨ ᠲᠤᠳᠤᠷ ᠬᠤᠪᠴᠠᠰᠤᠨ ᠲᠡᠭᠡᠷ᠎ᠡ ᠨᠢ ᠭᠤᠭᠤᠵᠢᠬᠤ ᠳᠤ᠂ ᠤᠷᠤᠰᠬᠤ ᠤᠯᠠᠭᠠᠨ ᠴᠢᠰᠤ ᠨᠢ ᠮᠦᠨ ᠯᠡ ᠲᠡᠷᠡᠭᠦ ᠬᠤᠷᠴᠠ ᠤᠯᠠᠭᠠᠨ ᠨᠠᠷᠠᠨ ᠤ ᠭᠡᠷᠡᠯ ᠳᠤ ᠤᠯᠠᠯᠵᠠᠵᠤ᠂ ᠬᠦᠭᠡ ᠤᠭᠳᠠᠷᠭᠤᠢ ᠶᠢᠨ ᠬᠦᠪᠡᠯᠵᠡᠬᠦ ᠬᠠᠪ ᠬᠠᠷ᠎ᠠ ᠦᠩᠭᠡ ᠲᠠᠢ ᠡᠭᠦᠯᠡ ᠭᠠᠷᠬᠤ ᠳᠤ ᠪᠠᠭᠰᠢ ᠶᠢᠨ ᠮᠢᠨᠢ ᠲᠡᠷᠡᠭᠦ ᠤᠯᠠᠭᠠᠨ ᠴᠢᠰᠤ ᠨᠢ ᠤᠯᠠᠮ ᠢᠯᠡᠭᠦᠥ ᠤᠯᠠᠯᠵᠢᠨ ᠤᠷᠤᠰᠴᠤ ᠪᠠᠶᠢᠭᠰᠠᠨ ᠶᠤᠮ᠃              ᠨᠢᠳᠦᠨ ᠡᠮᠦᠨᠡᠬᠢ ᠡᠳᠡᠭᠡᠷ ᠡᠩᠭᠦᠷᠡᠢ ᠰᠤᠷᠤᠭᠴᠢᠳ ᠲᠡᠷᠭᠡᠯ ᠪᠠᠭᠰᠢ ᠪᠠᠨ ᠦᠵᠡᠮᠡᠭᠴᠡ ᠵᠡᠷᠭᠡ ᠪᠠᠷ ᠶᠤᠰᠤ ᠬᠢᠬᠦ ᠶᠢᠨ ᠬᠠᠮᠳᠤ ᠬᠦᠩᠭᠢᠨᠡᠮ᠎ᠡ ᠢᠷᠠᠭᠤ ᠲᠠᠭᠤᠨ ᠢᠶᠠᠷ᠄ ᠪᠠᠭᠰᠢ ᠰᠠᠶᠢᠨ︕ ᠭᠡᠵᠤ ᠭᠦᠨ ᠶᠤᠰᠤᠯᠠᠬᠤ ᠳᠤ ᠲᠡᠷᠭᠡᠯ ᠴᠦ ᠤᠷᠤᠭᠰᠢ   ᠪᠠᠨ ᠨᠢᠭᠡ ᠲᠤᠮᠤ ᠠᠯᠬᠤᠮ ᠠᠯᠬᠤᠵᠤ ᠲᠦᠪ ᠶᠤᠰᠤᠷᠬᠠᠭ ᠢᠶᠠᠷ᠄ ᠲᠠᠨᠠᠷ ᠰᠠᠶᠢᠨ︕ ᠭᠡᠪᠡ᠃ ᠢᠩᠭᠢᠵᠤ ᠪᠠᠶᠢᠳᠠᠯ᠎ᠠ ᠨᠢᠭᠡᠨ ᠬᠦᠯ ᠨᠢ ᠲᠤᠭᠤᠯᠠᠩ ᠰᠤᠷᠤᠭᠴᠢ ᠲᠡᠭᠡᠷ᠎ᠡ ᠲᠤᠥᠷ᠎ᠠ ᠭᠢᠰᠭᠢᠨ ᠤᠷᠤᠭᠰᠢ ᠶᠠᠪᠤᠬᠤ ᠳᠤ ᠲᠦᠢᠯ ᠤᠨ ᠬᠦᠴᠢᠷᠳᠡᠢ  ᠪᠠᠶᠢᠬᠤ ᠳᠤ᠂ ᠲᠡᠷᠭᠡᠯ ᠲᠡᠭᠦᠨ ᠤ ᠭᠠᠷ ᠠᠴᠠ ᠨᠢ ᠠᠳᠬᠤᠨ ᠲᠦᠰᠢᠵᠤ ᠠᠪᠤᠭᠠᠳ ᠠᠩᠭᠢ  ᠶᠢᠨ ᠭᠡᠷ ᠲᠤᠨᠢ ᠤᠷᠤᠭᠤᠯᠬᠤ ᠳᠤ ᠤᠯᠠᠨ ᠰᠤᠷᠤᠭᠴᠢᠳ ᠵᠡᠷᠭᠡ ᠪᠠᠷ ᠪᠤᠰᠴᠤ ᠵᠤᠭᠰᠤᠨ᠂ ᠲᠡᠷᠭᠡᠯ ᠪᠠᠭᠰᠢ ᠶᠢᠨ ᠵᠦᠭ ᠦᠨᠳᠦᠷ ᠲᠠᠭᠤᠨ ᠢᠶᠠᠷ᠄ ᠪᠠᠭᠰᠢ ᠰᠠᠶᠢᠨ︕ ᠭᠡᠭᠦ ᠳᠤ ᠲᠡᠷᠭᠡᠯ ᠴᠦ ᠬᠠᠩᠭᠢᠨᠠᠮ᠎ᠠ ᠲᠠᠭᠤᠨ ᠢᠶᠠᠷ ᠨᠦᠭᠦᠳ ᠰᠠᠶᠢᠨ︕ ᠭᠡᠪᠡ᠃        ᠲᠡᠷᠭᠡᠯ ᠡᠨᠡᠬᠦ ᠰᠤᠷᠤᠭᠴᠢ ᠠᠴᠠ ᠰᠠᠯᠠᠵᠤ ᠶᠠᠪᠤᠬᠤ ᠳᠤ ᠲᠤᠳᠤᠷ᠎ᠠ ᠪᠠᠨ᠄ ᠡᠨᠡ ᠠᠩᠭᠢ ᠶᠢᠨ ᠠᠩᠭᠢ ᠶᠢᠨ ᠡᠷᠭᠢᠯᠡᠭᠴᠢ ᠳᠤ ᠵᠠᠪᠠᠯ ᠡᠨᠡᠬᠦ ᠰᠤᠷᠤᠭᠴᠢ ᠶᠢ ᠵᠠᠮ ᠶᠠᠪᠤᠬᠤ ᠳᠤ ᠬᠠᠮᠳᠤ ᠰᠤᠷᠤᠭᠴᠢᠳ ᠢᠶᠠᠷ ᠨᠢ ᠲᠡᠭᠦᠨ ᠢ ᠬᠠᠪᠰᠤᠷᠣᠨ ᠲᠦᠰᠢᠭᠦᠯᠵᠤ ᠪᠠᠶᠢᠭᠠᠳ ᠭᠡᠷ ᠲᠤᠨᠢ ᠬᠦᠷᠭᠡᠭᠡᠭᠦ ᠶᠢ ᠰᠠᠨᠠᠭᠤᠯᠬᠤ ᠦᠭᠡᠢ ᠶᠤᠮ ᠪᠤᠯ ᠪᠤᠯᠬᠤ ᠦᠭᠡᠢ᠃ ᠬᠡᠷᠪᠡ ᠵᠠᠷᠢᠮ ᠦᠶᠡᠰ ᠲᠤ ᠤᠨᠠᠵᠤ ᠲᠤᠰᠪᠠᠯ ᠰᠠᠨᠠᠭᠠᠨ ᠠᠴᠠ ᠭᠠᠳᠠᠭᠤᠷ ᠤᠷᠰᠢᠭ ᠪᠤᠯᠵᠤ᠂ ᠲᠤᠰ ᠰᠤᠷᠤᠭᠴᠢ ᠴᠦ ᠤᠯᠠᠮ ᠠᠶᠤᠯ ᠪᠦᠳᠦᠷᠢᠯ ᠳᠤ ᠲᠤᠯᠭᠠᠷᠠᠵᠤ ᠮᠡᠳᠡᠬᠦ ᠶᠤᠮ ᠪᠠᠶᠢᠨ᠎ᠠ᠃ ᠨᠦᠭᠦᠭᠡ ᠲᠠᠯ᠎ᠠ ᠪᠠᠷ ᠡᠨᠡᠬᠦ ᠰᠤᠷᠤᠭᠴᠢ ᠶᠢᠨ ᠰᠤᠷᠤᠯᠭ᠎ᠠ ᠶᠢ ᠰᠠᠶᠢᠨ ᠠᠳᠬᠤᠵᠤ᠂ ᠤᠳᠤ ᠠᠴᠠ ᠡᠬᠢᠯᠡᠨ ᠰᠠᠶᠢᠳᠤᠷ ᠪᠢᠴᠢᠭ ᠢᠶᠠᠨ ᠰᠤᠷᠬᠤ ᠦᠭᠡᠢ ᠶᠤᠮ ᠪᠤᠯ ᠬᠤᠵᠢᠮ ᠡᠨᠡᠬᠦ ᠰᠤᠷᠤᠭᠴᠢ ᠴᠤᠬᠤᠮ ᠬᠡᠷᠬᠢᠨ ᠠᠮᠢᠳᠤᠷᠠᠬᠤ ᠶᠤᠮ ᠳ᠋ᠡ︖ ᠬᠡᠷᠪᠡ ᠤᠳᠤ ᠠᠴᠠ ᠡᠬᠢᠯᠡᠨ ᠰᠠᠶᠢᠳᠤᠷ ᠰᠤᠷᠤᠯᠴᠠᠵᠤ ᠪᠠᠶᠢᠭᠠᠳ ᠭᠤᠥᠯᠳᠠᠯᠭᠠᠳᠤ ᠶᠡᠭᠡ ᠰᠤᠷᠭᠠᠭᠤᠯᠢ ᠳᠤ ᠤᠷᠤᠵᠤ᠂ ᠴᠢᠨᠠᠭᠰᠢᠯᠠᠨ ᠲᠡᠭᠡᠭᠰᠢ ᠪᠠᠨ ᠤᠯᠠᠮ ᠴᠢᠷᠮᠠᠶᠢᠬᠤ ᠶᠤᠮ ᠪᠤᠯ ᠪᠢᠴᠢᠭ ᠵᠢᠭᠠᠬᠤ᠂ ᠰᠢᠨᠵᠢᠯᠡᠭᠦ ᠤᠬᠠᠭᠠᠨ ᠤ ᠰᠤᠳᠤᠯᠤᠯᠳᠠ ᠬᠢᠬᠦ ᠳᠤ ᠬᠡᠳᠦᠶᠢᠪᠡᠷ ᠵᠡᠮᠳᠡᠭ ᠪᠤᠯᠤᠭᠰᠠᠨ ᠴᠦ ᠦᠪᠡᠷ ᠤᠨ ᠠᠮᠢ ᠭᠤᠥᠯ ᠳᠠᠭᠠᠨ ᠵᠦᠪ ᠢᠶᠠᠷ ᠪᠠᠷᠠᠬᠤ ᠦᠭᠡᠢ᠂ ᠨᠡᠩ ᠴᠢᠬᠤᠯᠠ ᠨᠢ ᠤᠯᠤᠰ ᠭᠡᠷ  ᠲᠤ ᠪᠠᠰᠠ ᠶᠡᠬᠡᠬᠡᠨ ᠬᠤᠪᠢ ᠨᠡᠮᠡᠭᠦᠷᠢ ᠦᠵᠡᠭᠦᠯᠵᠤ ᠪᠤᠯᠤᠨ᠎ᠠ ᠰᠢᠦ︕             ᠬᠢᠴᠢᠶᠡᠯ ᠡᠬᠢᠯᠡᠪᠡ᠂ ᠲᠡᠷᠭᠡᠯ ᠴᠦ ᠦᠨᠦᠳᠦᠷ ᠪᠡᠯᠡᠳᠭᠡᠯ ᠶᠤᠰᠤ ᠪᠠᠷ ᠢᠶᠠᠨ ᠲᠡᠭᠦᠰᠬᠦ ᠠᠩᠭᠢ ᠶᠢᠨ ᠬᠤᠶᠠᠳᠤᠭᠠᠷ ᠡᠭᠡᠯᠵᠢᠶᠡᠨ ᠤ ᠶᠡᠷᠦᠩᠭᠡᠢ ᠲᠠᠪᠳᠠᠯᠭ᠎ᠠ ᠬᠢᠵᠤ᠂ ᠲᠤᠭᠠᠨ ᠤ ᠤᠬᠠᠭᠠᠨ ᠤ ᠶᠡᠷᠦᠩᠭᠡᠶᠢᠯᠡᠭᠰᠡᠨ ᠴᠢᠨᠠᠷ ᠲᠠᠢ ᠰᠡᠳᠦᠪ ᠵᠠᠳᠠᠯᠬᠤ  ᠪᠤᠯᠤᠨ᠎ᠠ᠃ ᠲᠡᠷᠡ ᠡᠨᠡᠬᠦ ᠬᠢᠴᠢᠶᠡᠯ ᠤᠨ ᠴᠠᠭ ᠲᠤ ᠲᠤᠰᠬᠠᠶᠢᠯᠠᠨ ᠦᠭᠦᠯᠡᠪᠦᠷᠢᠳᠦ ᠰᠡᠳᠦᠪ ᠤᠨ ᠲᠤᠬᠠᠢ ᠵᠠᠳᠠᠯᠤᠯᠳᠠ ᠬᠢᠵᠤ᠂ ᠤᠶᠢᠷ᠎ᠠ ᠶᠢᠨ ᠬᠡᠳᠦᠨ ᠵᠢᠯ ᠳᠤ ᠭᠠᠷᠴᠤ ᠪᠠᠶᠢᠬᠤ ᠤᠯᠤᠰ ᠤᠨ ᠰᠢᠯᠠᠭᠠᠯᠳᠠ ᠶᠢᠨ ᠦᠭᠦᠯᠡᠪᠦᠷᠢᠳᠦ ᠰᠡᠳᠦᠪ ᠤᠨ ᠲᠤᠬᠠᠢ ᠰᠢᠨ᠎ᠡ ᠬᠠᠨᠳᠤᠰᠢ ᠲᠠᠢ ᠤᠶᠠᠯᠳᠠᠭᠤᠯᠤᠨ᠂ ᠠᠵᠢᠯ ᠤᠯᠭᠤᠯᠳᠠ᠂ ᠬᠦᠮᠦᠨ ᠤ ᠬᠦᠴᠦ ᠶᠢ ᠬᠡᠷᠬᠢᠨ ᠲᠤᠬᠢᠷᠠᠭᠤᠯᠬᠤ᠂ ᠤᠰᠤᠨ ᠤ ᠪᠤᠬᠢᠷᠳᠤᠯ᠂ ᠠᠮᠢ ᠠᠬᠤᠢ   ᠶᠢᠨ ᠲᠤᠭᠳᠠᠪᠤᠷᠢᠵᠢᠯ᠂ ᠠᠭᠤᠷ ᠠᠮᠢᠰᠬᠤᠯ ᠤᠨ ᠪᠤᠵᠠᠷᠳᠣᠯ ᠲᠠᠢ ᠬᠤᠯᠪᠤᠭᠳᠠᠯ ᠪᠦᠬᠦᠢ ᠲᠠᠪᠤᠨ ᠶᠡᠭᠡ ᠲᠦᠷᠦᠯ ᠤᠨ ᠦᠭᠦᠯᠡᠪᠦᠷᠢᠳᠦ ᠰᠡᠳᠦᠪ ᠤᠨ ᠲᠤᠬᠠᠢ ᠲᠡᠭᠡᠷ᠎ᠡ ᠴᠠᠭ ᠤᠨ ᠬᠢᠴᠢᠶᠡᠯ ᠤᠨ ᠠᠭᠤᠯᠭ᠎ᠠ ᠪᠠᠨ ᠵᠠᠯᠭᠠᠵᠤ ᠲᠠᠶᠢᠯᠪᠤᠷᠢᠯᠠᠭᠰᠠᠨ ᠪᠠᠶᠢᠨ᠎ᠠ᠃ ᠲᠡᠷᠡ ᠪᠠᠷᠤᠭ 25 ᠮᠢᠨᠦ᠋ᠲ ᠲᠠᠶᠢᠯᠪᠤᠷᠢᠯᠠᠭᠠᠳ᠂ ᠵᠠᠯᠭᠠᠭᠠᠳ ᠬᠢᠴᠢᠶᠡᠯ ᠤᠨ ᠭᠠᠳᠠᠨᠠᠬᠢ ᠵᠢᠵᠢᠭ ᠪᠤᠯᠪᠠᠰᠤᠷᠠᠯ ᠤᠨ ᠬᠠᠭᠤᠳᠠᠰᠤ ᠪᠠᠨ ᠰᠤᠷᠤᠭᠴᠢᠳ ᠲᠠᠭᠠᠨ ᠲᠠᠷᠬᠠᠭᠠᠪᠠ᠂ ᠲᠡᠭᠦᠰᠭᠦ  ᠬᠤᠭᠤᠴᠠᠭᠠᠨ ᠤ ᠬᠠᠮᠤᠭ ᠰᠡᠭᠦᠯ ᠤᠨ ᠡᠨᠡᠬᠦ ᠬᠤᠭᠤᠴᠠᠭᠠᠨ ᠳᠤ ᠪᠤᠯᠳᠠᠯ᠎ᠠ ᠲᠡᠭᠦᠨ ᠤ ᠰᠤᠷᠤᠭᠴᠢᠳ ᠲᠠᠭᠠᠨ ᠪᠤᠯᠪᠠᠰᠤᠷᠠᠭᠤᠯᠤᠭᠰᠠᠨ ᠡᠯ᠎ᠡ ᠵᠦᠢᠯ ᠤᠨ ᠰᠢᠯᠠᠭᠠᠯᠳᠠ ᠪᠠ ᠪᠤᠯᠪᠠᠰᠤᠷᠠᠯ  ᠤᠨ ᠬᠠᠭᠤᠳᠠᠰᠤ ᠨᠢ ᠪᠠᠷᠤᠭ ᠬᠤᠷᠤᠭᠤ ᠵᠤᠵᠠᠭᠠᠨ ᠪᠠᠶᠢᠵᠤ᠂ ᠪᠠᠰᠠ ᠮᠤᠵᠢ ᠶᠢᠨ ᠲᠡᠰ ᠤᠨ ᠬᠡᠪᠯᠡᠯ ᠤᠨ ᠬᠤᠶ᠋ᠢᠶᠠᠨ  ᠠᠴᠠ ᠲᠡᠭᠦᠨ ᠤ ᠭᠤᠥᠯᠯᠠᠨ ᠨᠠᠶᠢᠷᠠᠭᠤᠯᠤᠭᠰᠠᠨ ᠲᠡᠭᠡᠳᠦ ᠲᠤᠮᠳᠠᠳᠤ ᠶᠢᠨ ᠢᠵᠢᠯ ᠠᠯᠬᠤᠮᠳᠤ  ᠲᠤᠭᠠᠨ ᠤ ᠤᠬᠠᠭᠠᠨ  ᠤ ᠦᠨᠳᠦᠰᠦᠨ  ᠪᠤᠯᠪᠠᠰᠤᠷᠠᠯ ᠤᠨ ᠴᠤᠪᠤᠷᠠᠯ ᠨᠤᠮ ᠢᠶᠠᠨ ᠴᠦ ᠲᠠᠷᠬᠠᠭᠠᠨ ᠦᠭᠪᠡ᠃ ᠤᠴᠢᠷ ᠨᠢ ᠮᠤᠩᠭᠤᠯ ᠢᠶᠠᠷ ᠬᠡᠪᠯᠡᠨ ᠨᠠᠶᠢᠷᠠᠭᠤᠯᠤᠭᠰᠠᠨ ᠲᠡᠭᠡᠳᠦ ᠲᠤᠮᠳᠠᠳᠤ ᠶᠢᠨ ᠬᠢᠴᠢᠶᠡᠯ ᠤᠨ ᠨᠤᠮ ᠲᠠᠢ ᠤᠶᠠᠯᠳᠤᠭᠰᠠᠨ ᠪᠤᠯᠪᠠᠰᠤᠷᠠᠯ ᠤᠨ ᠨᠤᠮ ᠲᠤᠶᠢᠯ ᠤᠨ ᠬᠤᠪᠤᠷ ᠴᠤᠬᠠᠭ ᠪᠠᠶᠢᠵᠤ᠂ ᠰᠤᠷᠤᠭᠴᠢᠳ ᠤᠨ ᠴᠠᠭ ᠢ ᠠᠮᠵᠢᠨ ᠢᠯᠡᠭᠦᠥ ᠰᠡᠳᠦᠪ ᠪᠤᠯᠪᠠᠰᠤᠷᠠᠬᠤ ᠦᠭᠡᠢ ᠶᠤᠮ ᠪᠤᠯ ᠵᠢᠯ ᠪᠤᠷᠢ ᠶᠢᠨ ᠶᠡᠭᠡ ᠰᠤᠷᠭᠠᠭᠤᠯᠢ ᠶᠢᠨ ᠰᠢᠯᠭᠠᠯᠳᠠ ᠳᠤ ᠤᠯᠬᠤ ᠰᠤᠷᠤᠭᠴᠢᠳ ᠤᠨ ᠬᠤᠪᠢ ᠨᠢ ᠤᠯᠠᠮ ᠠᠴᠠ ᠤᠯᠠᠮ ᠦᠨᠳᠦᠷ ᠪᠤᠯᠵᠤ᠂ ᠬᠠᠷᠢᠨ ᠮᠡᠳᠡᠯᠭᠡ ᠶᠢᠨ ᠴᠡᠭ ᠤᠨ ᠬᠠᠮᠤᠷᠬᠤ ᠬᠡᠮᠵᠢᠶ᠎ᠡ ᠨᠢ ᠴᠦ ᠢᠳᠡᠭ ᠢᠳᠡᠭ ᠢᠶᠠᠷ ᠢᠯᠡᠭᠦᠥ ᠪᠤᠯᠵᠤ ᠪᠠᠶᠢᠬᠤ ᠳᠤ᠂ ᠲᠡᠷᠭᠡᠯ ᠤᠨ ᠪᠠᠶ᠎ᠠ ᠨᠢ ᠬᠠᠷᠢᠨ ᠤᠯᠠᠮ ᠠᠨᠠᠢ ᠪᠤᠯᠵᠤ᠂ ᠤᠥᠯ ᠤᠨ  ᠢᠶᠠᠨ ᠰᠢᠭ᠋ ᠴᠤᠭ ᠵᠢᠪᠬᠤᠭ᠎ᠠ ᠲᠠᠢ ᠶᠠᠪᠤᠵᠤ ᠪᠠᠶᠢᠭᠰᠠᠨ ᠵᠠᠯᠠᠭᠤ ᠨᠠᠰᠤ ᠲᠠᠢ ᠪᠠᠨ ᠬᠠᠷᠢᠴᠠᠭᠤᠯᠪᠠᠯ ᠶᠠᠭ ᠯᠡ ᠨᠢᠭᠡᠨ ᠬᠠᠳᠠᠩᠬᠢᠷᠠᠭᠰᠠᠨ ᠡᠪᠦᠭᠡᠵᠢᠶᠡᠷ ᠬᠦᠮᠦᠨ ᠰᠢᠭ ᠪᠤᠯᠤᠭᠰᠠᠨ ᠪᠠᠶᠢᠨ᠎ᠠ᠃ ᠲᠡᠷᠭᠡᠯ ᠲᠡᠭᠡᠷ᠎ᠡ ᠵᠠᠭᠤᠨ ᠤ ᠶᠡᠷᠡᠭᠡᠳ ᠤᠨ  ᠳᠤ ᠮᠤᠩᠭᠤᠯ ᠰᠤᠷᠤᠭᠴᠢᠳ ᠤᠨ ᠲᠤᠭᠠᠨ ᠤ ᠤᠬᠠᠠᠨ ᠤ ᠬᠢᠷᠢ ᠪᠦᠳᠦᠮᠵᠢ ᠨᠢ ᠠᠨᠠᠢ ᠪᠠᠶᠢᠬᠤ ᠪᠤᠳᠠᠳᠤ ᠪᠠᠶᠢᠳᠠᠯ ᠳᠤ ᠴᠢᠭᠯᠡᠭᠦᠯᠵᠤ᠂ ᠤᠯᠠᠨ ᠤᠳᠠᠭ᠎ᠠ ᠮᠤᠵᠢ ᠤᠷᠤᠨ᠂ ᠤᠯᠤᠰ ᠤᠨ ᠲᠡᠰ ᠤᠨ ᠶᠠᠷᠢᠯᠴᠢᠨ ᠰᠤᠳᠤᠯᠬᠤ ᠬᠤᠷᠠᠯᠳᠤᠭᠠᠨ ᠳᠤ ᠤᠷᠤᠯᠴᠠᠵᠤ᠂ ᠰᠤᠳᠤᠯᠤᠯᠭᠠᠨ ᠤ ᠰᠡᠳᠦᠪ ᠲᠠᠭᠠᠭᠠᠴᠢᠯᠠᠨ ᠲᠡᠭᠦᠰᠭᠡᠵᠤ᠂ ᠲᠡᠭᠡᠭᠰᠢ ᠪᠠᠨ ᠰᠠᠨᠠᠯ ᠪᠠᠨ ᠲᠡᠪᠰᠢᠭᠦᠯᠵᠤ᠂ ᠬᠤᠯᠪᠤᠭᠳᠠᠯ  ᠪᠦᠬᠦᠢ ᠰᠠᠯᠠᠭ᠎ᠠ ᠮᠦᠴᠢᠷ ᠲᠤ ᠬᠦᠷᠭᠡᠭᠰᠡᠨ ᠶᠤᠮ᠃              ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号