ᠪᠠᠭ᠎ᠠ ᠨᠠᠰᠤᠨ ᠤ ᠲᠤᠷᠠᠰᠤᠮᠵᠢ
ᠨᠡᠶᠢᠲᠡᠯᠡᠭᠰᠡᠨ ᠴᠠᠭ᠄
2016/4/15
       ᠤᠨ ᠰᠠᠷ᠎ᠠ ᠤᠷᠤᠰᠬᠤ ᠮᠡᠲᠦ ᠦᠡᠭᠭᠡᠷᠡᠵᠦ᠂ ᠴᠠᠬ ᠮᠦᠴᠠ ᠨᠢᠰᠬᠦ ᠮᠡᠲᠦ ᠤᠳᠤᠭᠰᠠᠨ ᠪᠤᠯᠪᠠᠴᠤ ᠪᠠᠭ᠎ᠠ ᠨᠠᠰᠤᠨ ᠤ ᠤᠴᠢᠷ ᠤᠳ ᠢ ᠮᠠᠷᠳᠠᠬᠤ ᠠᠷᠭ᠎ᠠ ᠦᠭᠡᠢ᠂ ᠮᠠᠷᠳᠠᠬᠤ ᠶᠢᠨ ᠴᠤ ᠠᠷᠭ᠎ᠠ ᠦᠬᠡᠢ ᠶᠤᠮᠰᠠᠨ᠃                  ᠪᠠᠭ᠎ᠠ ᠨᠠᠰᠤ ᠭᠡᠵᠦ ᠴᠤᠪᠤᠭ᠎ᠠ ᠳᠡᠭᠵᠢᠨ᠂ ᠨᠢᠯᠬᠠᠰᠠᠬ ᠦᠶ᠎ᠠ ᠪᠤᠯᠤᠨ᠎ᠠ᠃ ᠤᠨᠠᠭᠠᠨ ᠪᠠᠭ᠎ᠠ ᠨᠠᠰᠤᠨ ᠳᠠᠭᠠᠨ ᠬᠠᠮᠲᠦ ᠦᠶᠡᠷᠬᠡᠵᠦ ᠨᠠᠭᠠᠳᠴᠦ ᠪᠠᠶᠢᠭᠰᠠᠨ ᠲᠠᠳᠠᠬᠡᠷ ᠬᠠᠮᠲᠦ ᠨᠠᠶᠢᠵᠢ ᠨᠠᠷ ᠢᠶᠠᠨ ᠡᠷᠬᠢᠴᠡᠭᠦᠯᠤᠨ ᠪᠤᠳᠤᠬᠤᠯᠠᠷ ᠳᠦᠢᠯ ᠤᠨ ᠤᠳᠬ᠎ᠠ ᠠᠭᠤᠯᠭ᠎ᠠ ᠲᠠᠢ ᠰᠠᠨᠠᠭᠳᠠᠨ᠎ᠠ᠃ ᠳᠤᠬᠠᠢ ᠶᠢᠨ ᠦᠶ᠎ᠠ ᠳᠤ᠂ ᠪᠢᠳᠠ ᠳᠡᠭᠡᠰᠦ ᠦᠰᠦᠷᠴᠦ᠂ ᠬᠠᠮᠲᠦ ᠰᠢᠷᠦᠢ ᠨᠠᠭᠠᠳᠴᠦ᠂ ᠬᠠᠮᠲᠦ ᠰᠤᠷᠭᠠᠭᠤᠯᠢ ᠳᠠᠭᠠᠨ ᠤᠴᠢᠵᠦ ᠬᠢᠴᠢᠶᠠᠯ ᠤᠷᠤᠵᠦ᠂ ᠬᠢᠴᠢᠶᠠᠯ ᠤᠨ ᠴᠠᠬ ᠲᠤ ᠰᠠᠶᠢᠬᠠᠨ ᠰᠤᠨᠤᠰᠬᠤ ᠦᠭᠡᠢ ᠪᠠᠭᠰᠢ ᠪᠠᠨ ᠬᠡᠴᠢᠨᠡᠨ ᠠᠭᠤᠷᠯᠠᠭᠤᠯᠤᠯ᠎ᠠ ᠳ᠋ᠠ︕ ᠰᠤᠷᠭᠠᠭᠤᠯᠢ ᠳᠠᠷᠬᠠᠪᠠᠯ ᠵᠠᠮ ᠤᠨ ᠲᠤᠷᠰᠢ ᠨᠠᠭᠠᠳᠴᠦ ᠭᠡᠷ ᠲᠡᠭᠡᠨ ᠬᠠᠷᠢᠳᠠᠬ ᠪᠠᠶᠢᠭᠰᠠᠨ᠃ ᠭᠡᠬᠦ ᠳᠤ᠂ ᠵᠠᠷᠢᠮ ᠦᠶ᠎ᠠ ᠳᠤ ᠨᠠᠭᠠᠳᠤᠮ ᠠᠴᠠ ᠪᠤᠯᠵᠦ ᠭᠡᠷ  ᠲᠡᠭᠡᠨ ᠬᠠᠷᠢᠬᠤ ᠪᠠᠨ ᠴᠦ ᠮᠠᠷᠳᠠᠳᠠᠬ᠃ ᠡᠪᠤᠯ ᠤᠨ ᠬᠦᠢᠲᠡᠨ ᠳᠤ ᠮᠦᠰᠦᠨ ᠳᠤ ᠳᠠᠰᠢᠬᠦ ᠭᠡᠵᠦ ᠰᠠᠨᠠᠮᠰᠠᠷ ᠦᠭᠡᠢ  ᠪᠠᠷ ᠮᠦᠰᠤᠨ ᠵᠠᠶᠢᠷ ᠲᠤ ᠤᠨᠠᠵᠦ᠂ ᠬᠤᠪᠴᠠᠰᠦ ᠬᠤᠨᠠᠷ ᠢᠶᠠᠨ ᠨᠤᠷᠭᠠᠴᠢᠬᠠᠭᠠᠳ ᠭᠡᠷ ᠲᠡᠭᠡᠨ ᠤᠴᠢᠬᠤ ᠳᠤᠨᠢ ᠡᠵᠢ ᠮᠢᠨᠢ ᠨᠢᠭᠡ ᠳᠡᠯ᠎ᠠ ᠪᠠᠷ ᠨᠠᠮᠠᠢᠢ  ᠵᠠᠩᠨᠠᠨ ᠰᠤᠷᠭᠠᠵᠦ᠂ ᠨᠦᠭᠦᠭᠡ ᠳᠡᠯ᠎ᠠ ᠪᠠᠷ ᠬᠤᠪᠴᠠᠰᠦ ᠬᠤᠨᠡᠷ ᠢ ᠭᠠᠯ ᠳᠤ ᠡᠭᠡᠭᠡᠵᠦ ᠬᠠᠲᠠᠭᠠᠵᠦ ᠪᠠᠶᠢᠬᠤ ᠶᠢ ᠨᠢ ᠤᠳᠦ ᠪᠤᠳᠤᠪᠠᠯ ᠦᠴᠦᠭᠡᠳᠦᠷ ᠤᠨ ᠤᠴᠢᠷ ᠰᠢᠬ ᠤᠬᠠᠭᠠᠨ ᠤ ᠳᠡᠯᠭᠡᠴᠡ ᠳᠤ ᠳᠤᠳᠤᠷᠡᠨ᠎ᠠ᠃ ᠵᠤᠨ ᠤ ᠡᠳᠦᠷ ᠤᠨ ᠦᠳᠡᠰᠢ ᠰᠤᠷᠭᠠᠭᠤᠯᠢ ᠳᠠᠷᠬᠠᠭᠰᠠᠨ ᠤ ᠳᠠᠷᠠᠭ᠎ᠠ᠂ ᠵᠠᠮ ᠤᠨ ᠬᠠᠵᠠᠭᠤ ᠳᠤ ᠰᠠᠭᠤᠵᠦ ᠳᠠᠰᠬᠠᠯ ᠢᠶᠠᠨ ᠬᠢᠵᠦ ᠪᠠᠷᠠᠭᠠᠳ ᠪᠦᠷᠦᠢ ᠪᠤᠯᠤᠭᠰᠠᠨ ᠴᠦ ᠭᠡᠷ ᠲᠡᠭᠡᠨ ᠬᠠᠷᠢᠬᠤ ᠦᠭᠡᠢ ᠠᠪᠤ ᠪᠠᠷ ᠢᠶᠠᠨ ᠡᠷᠢᠭᠦᠯᠳᠡᠭ ᠪᠠᠶᠢᠭᠰᠠᠨ ᠪᠢᠯᠡ᠃ ᠬᠡᠳᠦ᠋ᠢᠪᠡᠷ ᠦᠬᠢᠨ ᠬᠦᠮᠤᠨ ᠪᠤᠯᠪᠠᠴᠦ ᠠᠯᠢᠶ᠎ᠠ ᠭᠡᠳᠡᠭ ᠢ ᠬᠡᠯᠡᠬᠦ ᠶᠢᠨ ᠠᠷᠭ᠎ᠠ ᠦᠭᠡᠢ ᠶᠤᠮᠰᠠᠨ᠃ ᠬᠡᠳᠦᠭᠦᠯᠡ ᠪᠠᠨ ᠴᠤᠬ ᠪᠠᠶᠢᠬᠤ ᠳᠤ ᠬᠦᠷᠪᠡᠯ ᠮᠤᠳᠤᠨ ᠳᠤ ᠠᠪᠠᠷᠢᠵᠦ᠂ ᠭᠤᠤᠯ ᠳᠤ ᠨᠠᠭᠠᠳᠬᠤ  ᠨᠢ ᠬᠦᠦ ᠠᠩᠭ᠎ᠠ ᠠᠴᠠ ᠴᠦ ᠳᠤᠤᠷ᠎ᠠ ᠦᠭᠡᠢ ᠪᠠᠶᠢᠳᠠᠭ᠃              ᠪᠢᠳᠠ ᠪᠦᠬᠦᠨ ᠤ ᠪᠢᠴᠢᠬᠠᠨ ᠪᠤᠳᠤᠯ ᠳᠤ ᠨᠢᠭᠡ ᠬᠦᠰᠡᠯ ᠲᠠᠢ ᠪᠠᠶᠢᠬᠰᠠᠨ᠃ ᠪᠠᠭᠰᠢ ᠪᠤᠯᠤᠨ ᠭᠡᠷ ᠤᠨ ᠠᠬᠠᠮᠠᠳ ᠪᠢᠳᠠᠨ ᠠᠴᠠ ᠬᠤᠵᠢᠮ ᠶᠠᠮᠠᠷ ᠬᠦᠰᠡᠯᠠᠩ ᠲᠠᠢ ᠪᠤᠢ︖ ᠭᠡᠬᠦ ᠳᠤ᠂ ᠪᠢᠳᠠ ᠪᠦᠭᠦᠳᠡᠭᠡᠷ ᠪᠤᠯᠢᠶᠠᠯᠳᠤᠨ ᠶᠠᠷᠢᠳᠠᠭ ᠪᠠᠶᠢᠪᠠ᠃ ᠪᠢᠳᠠ ᠡᠨᠡᠬᠦ ᠬᠦᠰᠡᠯ ᠢᠶᠠᠨ ᠪᠡᠶᠡᠯᠡᠬᠦᠯᠬᠦ ᠶᠢᠨ ᠳᠦᠯᠦᠭᠡ ᠰᠤᠶᠤᠯ ᠡᠷᠳᠡᠮ ᠤᠨ ᠵᠠᠮ ᠢᠶᠠᠷ ᠬᠦᠭᠡᠭᠡᠴᠡᠯᠳᠦᠵᠦ᠂ ᠦᠰᠬᠦ ᠨᠠᠰᠤᠨ ᠤ ᠪᠠᠨ ᠰᠠᠶᠢᠨ ᠰᠠᠶᠢᠬᠠᠨ ᠴᠠᠬ ᠦᠶ᠎ᠠ ᠶᠢ ᠦᠡᠭᠭᠡᠷᠡᠭᠦᠯᠦᠭᠰᠡᠭᠡᠷ ᠪᠠᠶᠢᠵᠦ᠂ ᠨᠠᠰᠦ ᠴᠦ ᠦᠰᠴᠦ᠂ ᠪᠤᠳᠤᠯ ᠴᠦ ᠪᠦᠢᠵᠢᠬᠰᠠᠨ ᠪᠠᠶᠢᠨ᠎ᠠ᠃               ᠦᠰᠪᠦᠷᠢ ᠶᠢᠨ ᠰᠠᠶᠢᠬᠠᠨ ᠨᠠᠰᠤᠨ ᠤ ᠦᠡᠭᠭᠡᠷᠡᠬᠦ ᠶᠢ ᠳᠠᠭᠠᠯᠳᠤᠨ᠂ ᠪᠢᠳᠠ ᠴᠦ ᠪᠠᠭ᠎ᠠ ᠰᠤᠷᠭᠠᠭᠤᠯᠢ ᠠᠴᠠ ᠳᠤᠮᠳᠠᠳᠦ ᠰᠤᠷᠭᠠᠭᠤᠯᠢ ᠳᠤ ᠳᠠᠪᠰᠢᠨ ᠤᠷᠤᠵᠠᠢ᠃ ᠳᠡᠭᠡᠬᠦ ᠳᠤ᠂ ᠮᠠᠨ ᠤ ᠭᠡᠷ ᠤᠨ ᠬᠢᠨ ᠴᠦ ᠦᠰᠴᠦ ᠳᠦᠷᠦᠭᠰᠡᠨ ᠨᠤᠲᠤᠭ ᠠᠴᠠ ᠪᠠᠨ ᠠᠶᠠᠷᠯᠠᠨ ᠰᠠᠯᠵᠦ᠂ ᠪᠤᠰᠤᠳ ᠭᠠᠵᠡᠷ ᠲᠤ ᠨᠡᠭᠦᠨ ᠶᠠᠪᠤᠭᠰᠠᠨ ᠠᠵᠢ᠃ ᠪᠢ ᠴᠦ ᠡᠳᠡᠭᠡᠷ ᠬᠠᠮᠲᠦ ᠨᠠᠶᠢᠵᠢ ᠠᠴᠠ ᠪᠠᠨ ᠰᠠᠯᠵᠠᠢ᠃ ᠤᠳᠦ ᠪᠤᠳᠤᠬᠤ ᠳᠤ ᠪᠠᠭ᠎ᠠ ᠶᠢᠨ ᠦᠶ᠎ᠠ ᠶᠢᠨ ᠨᠠᠶᠢᠵᠢ ᠨᠠᠷ ᠮᠢᠨᠢ ᠳᠡᠷᠡ ᠬᠡᠪ  ᠢᠶᠠᠷ ᠢᠶᠠᠨ ᠳᠠᠷᠢᠬᠢᠨ ᠳᠤ ᠮᠢᠨᠢ ᠲᠤᠳᠤᠷᠠᠨ ᠳᠤᠳᠤᠷᠡᠨ᠎ᠠ᠃  ᠨᠠᠰᠦ ᠵᠢᠯ ᠨᠡᠮᠡᠭᠳᠡᠵᠦ᠂ ᠪᠢ ᠴᠦ ᠶᠡᠭᠡ ᠰᠤᠷᠭᠠᠭᠤᠯᠢ  ᠪᠠᠨ ᠳᠡᠭᠦᠰᠭᠡᠵᠦ᠂ ᠠᠵᠢᠯ ᠤᠨ ᠪᠠᠶᠢᠷᠢ ᠳᠤ ᠭᠠᠷᠤᠯ᠎ᠠ᠃ ᠭᠡᠪᠡᠴᠦ ᠪᠠᠭ᠎ᠠ ᠨᠠᠰᠤᠨ ᠤ ᠳᠤᠷᠠᠰᠤᠯ ᠲᠠᠢ ᠰᠠᠶᠢᠬᠠᠨ ᠶᠠᠪᠤᠳᠠᠯ ᠤᠳ ᠪᠤᠳᠤᠭᠳᠠᠭᠠᠳ ᠯᠡ ᠪᠠᠶᠢᠬᠤ ᠮᠦᠷᠲᠡᠭᠡᠨ ᠬᠠᠶᠠ ᠳᠠᠭᠠᠨ ᠵᠡᠭᠦᠳᠦᠨ ᠳᠤ ᠢᠷᠡᠭᠡᠳ  ᠯᠡ ᠁       ᠪᠠᠭ᠋ᠠᠷᠬᠠᠭᠠᠳ ᠪᠠᠷᠠᠰᠢ ᠦᠭᠡᠢ ᠪᠠᠭ᠎ᠠ ᠨᠠᠰᠦ᠂ ᠮᠠᠷᠳᠠᠭᠳᠠᠰᠢ ᠦᠭᠡᠢ ᠤᠨᠠᠭᠠᠨ ᠪᠠᠭ᠎ᠠ ᠨᠠᠰᠦ ᠡ︕                                   ᠲᠦᠩᠯᠢᠶᠤᠤ ᠶᠢᠨ ᠡᠳᠦᠷ ᠤᠨ ᠰᠤᠨᠢᠨ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号