ᠵᠤᠯᠠ ᠠᠰᠠᠭᠠᠶ᠎ᠠ | | ●ᠠ᠊ · ᠪᠠᠭ᠋ᠠᠳᠭᠦᠯ | | | | | 2015 ᠣᠨ ᠤ12 ᠰᠠᠷ᠎ᠠ ᠶᠢᠨ 3 ᠤ ᠡᠳᠤᠷ᠂ ᠬᠤᠪᠤᠭᠰᠠᠶᠢᠷᠢ ᠮᠣᠩᠭᠤᠯ ᠦᠪᠡᠷᠳᠡᠭᠡᠨ ᠵᠠᠰᠠᠬᠤ | ᠰᠢᠶᠠᠨ ᠤ ᠭᠡᠤᠭᠡᠳ ᠤᠨ ᠴᠡᠴᠡᠷᠯᠢᠭ ᠤᠨ ᠶᠡᠭᠡ ᠠᠩᠭᠢ ᠳᠤ ︽ᠵᠤᠯᠠ ᠶᠢᠨ ᠪᠠᠶᠠᠷ ︾ ᠢ ᠤᠷᠢᠳᠴᠢᠯᠠᠨ ᠤᠭᠳᠤᠵᠣ᠂ | ᠨᠤ·ᠲᠤᠶᠠᠭ᠎ᠠ ᠪᠠᠭᠰᠢ ᠠᠴᠠ ᠪᠠᠯᠴᠢᠷ ᠪᠠᠭ᠎ᠠ ᠭᠡᠤᠭᠡᠳ ᠲᠤ ᠪᠠᠭ᠎ᠠ ᠶᠢᠨ ᠦᠶ᠎ᠠ ᠠᠴᠠ ᠪᠠᠨ ᠡᠬᠢᠯᠠᠵᠤ᠂ ︽ᠵᠤᠯᠠ ᠶᠢᠨ | ᠪᠠᠶᠠᠷ︾ ᠤᠨ ᠲᠤᠬᠠᠢ ᠳᠠᠬᠢ ᠬᠤᠯᠪᠤᠭᠳᠠᠯ ᠲᠠᠢ ᠤᠯᠠᠮᠵᠢᠯᠠᠯᠳᠥ ᠶᠣᠰᠤ ᠤᠴᠢᠷ ᠢ ᠲᠠᠶᠢᠯᠪᠤᠷᠢᠯᠠᠠ ᠶᠠᠷᠢᠵᠣ᠂ | ᠭᠡᠤᠭᠡᠳ ᠲᠤ ᠮᠡᠳᠡᠭᠦᠯᠵᠣ᠂ ᠰᠢᠯᠥᠭ ᠪᠣᠯᠭᠠᠨ ᠭᠡᠤᠭᠡᠳ ᠲᠡᠭᠡᠨ ᠵᠢᠭᠠᠵᠦ ᠪᠠᠶᠢᠨ᠎ᠠ᠃ | ᠵᠤᠯᠠ ᠠᠰᠠᠭᠠᠶ᠎ᠠ | ᠵᠠᠭᠤᠨ ᠵᠢᠯ ᠤᠨ ᠵᠤᠯᠠ ᠠᠰᠠᠭᠠᠶ᠎ᠠ | ᠵᠣᠯ ᠵᠢᠷᠭᠠᠯ ᠢ ᠢᠷᠦᠭᠡᠨ ᠠᠰᠠᠭᠠᠶ᠎ᠠ | ᠵᠤᠵᠠᠭᠠᠨ ᠨᠠᠰᠤᠨ ᠤ ᠨᠡᠮᠡᠭᠳᠡᠯ ᠢᠶᠠᠨ ᠪᠡᠯᠬᠡᠯᠠᠶᠠ | ᠵᠦᠩᠨᠡᠯ ᠢᠷᠦᠭᠡᠯ ᠢᠶᠠᠷ ᠤᠭᠳᠤᠨ ᠠᠪᠴᠢᠷᠠᠶ᠎ᠠ | ᠮᠢᠩᠭᠠᠨ ᠵᠢᠯ ᠤᠨ ᠵᠤᠯᠠ ᠠᠰᠠᠭᠠᠶ᠎ᠠ | ᠮᠠᠷᠭᠠᠰᠢ ᠶᠢᠨ ᠰᠠᠶᠢᠬᠠᠨ ᠢ ᠪᠡᠯᠬᠡᠳᠡᠨ ᠠᠰᠠᠭᠠᠶ᠎ᠠ | ᠰᠢᠨ᠎ᠠ ᠨᠠᠰᠤ ᠪᠠᠨ ᠠᠪᠴᠣ ᠠᠰᠠᠭᠠᠶ᠎ᠠ | ᠰᠢᠯᠢᠳᠡᠭ ᠠᠮᠵᠢᠯᠳᠠ ᠪᠠᠨ ᠮᠢᠯᠢᠶᠠᠵᠣ ᠠᠰᠠᠭᠠᠶ᠎ᠠ | | ᠲᠥᠮᠡᠨ ᠵᠢᠯ ᠤᠨ ᠵᠤᠯᠠ ᠪᠠᠨ ᠠᠰᠠᠭᠠᠶ᠎ᠠ | ᠲᠤᠭ᠎ᠠ ᠦᠭᠡᠢ ᠥᠢᠯᠡᠰ ᠢ ᠭᠥᠭᠵᠢᠭᠦᠯᠵᠥ ᠠᠰᠠᠭᠠᠶ᠎ᠠ | ᠲᠦᠷᠥ ᠲᠥᠮᠡᠨ ᠳᠡᠭᠡᠨ ᠵᠤᠯᠠ ᠬᠦᠷᠬᠡᠶ᠎ᠡ | ᠲᠡᠬᠦᠰ ᠵᠢᠷᠭᠠᠯ ᠢ ᠪᠡᠯᠬᠡᠳᠡᠨ ᠠᠰᠠᠭᠠᠶ᠎ᠠ | ᠵᠢᠯ ᠪᠣᠯᠭᠠᠨ ᠵᠤᠯᠠ ᠪᠠᠨ ᠠᠰᠠᠭᠠᠶ᠎ᠠ | ᠵᠢᠷᠭᠠᠯ ᠤᠨ ᠢᠨᠢᠶᠠᠳᠣ ᠴᠠᠯᠭᠢᠭᠤᠯᠤᠨ ᠠᠰᠠᠭᠠᠶ᠎ᠠ | ᠤᠯᠠᠮᠵᠢᠯᠠᠯᠳᠤ ᠮᠣᠩᠭᠤᠯ ᠵᠠᠩᠰᠢᠯ ᠢᠶᠠᠷ ᠠᠰᠠᠭᠠᠶ᠎ᠠ | ᠤᠳᠤᠮ ᠵᠠᠯᠭᠠᠮᠵᠢᠯᠠᠵᠣ ᠥᠶ᠎ᠡ ᠶᠢᠨ ᠥᠶ᠎ᠡ ᠳᠡᠭᠡᠨ ᠠᠰᠠᠭᠠᠶ᠎ᠠ | ᠡᠨᠡ ᠰᠢᠯᠥᠭ ᠢ ᠵᠣᠭᠢᠶᠠᠵᠣ᠂ ᠴᠡᠴᠡᠷᠯᠢᠭ ᠤᠨ ᠭᠡᠤᠭᠡᠳ ᠲᠤ ᠵᠢᠭᠠᠵᠣ᠂ ᠵᠤᠯᠠ ᠶᠢ ᠭᠡᠤᠭᠡᠳ ᠤᠨ ᠡᠮᠤᠨ᠎ᠠ | ᠭᠢᠵᠣ᠂ ᠨᠢᠭᠡ ᠭᠡᠤᠭᠡᠳ ᠲᠤ ᠨᠢᠭᠡ ᠵᠤᠯᠠ ᠭᠢᠵᠣ᠂ ᠪᠠᠯᠴᠢᠷ ᠪᠠᠭ᠎ᠠ ᠭᠡᠤᠭᠡᠳ ᠤᠨ ᠡᠷᠡᠬᠦᠯ ᠴᠢᠭᠢᠷᠠᠭ | ᠦᠰᠤᠨ ᠪᠦᠢᠵᠢᠵᠣ᠂ ᠲᠡᠳᠡᠨ ᠤ ᠢᠷᠡᠭᠡᠳᠦᠢ ᠶᠢᠨ ᠭᠡᠭᠡᠨ ᠰᠠᠷᠠᠭᠤᠯ᠂ ᠠᠯᠢᠪᠠ ᠪᠥᠭᠦᠨ ᠰᠠᠶᠢᠨ ᠰᠠᠶᠢᠬᠠᠨ | ᠪᠣᠯᠬᠤ ᠶᠢ ᠪᠡᠯᠬᠡᠳᠡᠨ ᠠᠰᠠᠭᠠᠭᠰᠠᠨ ᠪᠠᠶᠢᠨ᠎ᠠ᠃ |