ᠰᠦᠯᠳᠡ ᠨᠤᠲᠤᠭ ᠮᠢᠨᠢ
ᠨᠡᠶᠢᠲᠡᠯᠡᠭᠰᠡᠨ ᠴᠠᠭ᠄
2016/4/6
        ᠰᠦᠯᠳᠡ ᠨᠤᠲᠤᠭ ᠮᠢᠨᠢ                                                        ᠴᠢ᠊ · ᠤᠯᠠᠭᠠᠨ   ᠤᠩᠭᠤᠨ ᠰᠢᠯᠢ ᠰᠦᠨᠳᠡᠷᠯᠡᠭᠰᠡᠨ   ᠤᠨᠠᠭᠠᠨ ᠪᠠᠶᠢᠭᠠᠯᠢ ᠶᠢᠨ ᠪᠥᠷᠢᠳᠦ ᠲᠠᠢ   ᠡᠩᠬᠡ ᠬᠥᠬᠡᠮᠳᠦᠭ ᠪᠣᠷᠤᠲᠣᠯᠤᠭᠠᠢ ᠨᠢ   ᠢᠷᠦᠭᠡᠯ ᠢᠪᠡᠭᠡᠭᠰᠡᠨ ᠰᠢᠨᠵᠢ ᠲᠠᠢ     ᠲᠣᠭᠤᠨᠤ ᠲᠡᠷᠭᠡᠯ ᠬᠦᠳᠥᠯ ᠳᠤᠨᠢ   ᠲᠣᠭᠤᠷᠢᠮ ᠤᠨ ᠰᠦᠮ᠎ᠡ ᠶᠢᠨ ᠬᠠᠶᠢᠯᠠᠰᠦ ᠲᠠᠢ   ᠲᠡᠦᠬᠡᠨ ᠳᠤ ᠦᠯᠡᠳᠡᠭᠰᠡᠨ ᠰᠤᠶᠤᠯ ᠨᠢ   ᠲᠤᠯᠭ᠎ᠠ ᠶᠢᠨ ᠭᠠᠯ ᠤᠨ ᠲᠦᠷᠡᠯᠵᠡᠭᠡᠨ ᠲᠠᠢ   ᠴᠠᠭᠠᠨ ᠲᠡᠷᠡᠰᠦᠨ ᠴᠠᠶᠢᠳᠠᠮ ᠲᠠᠢ   ᠴᠠᠬᠤᠯᠡᠢ ᠰᠢᠪᠠᠭᠤᠳ ᠤᠨ ᠵᠢᠷᠭᠢᠭᠡᠨ ᠲᠠᠢ   ᠴᠠᠯᠭᠢᠯᠠᠨ ᠲᠣᠯᠭᠢᠶᠠᠯᠠᠬᠤ ᠪᠥᠷᠢᠳᠦ ᠲᠠᠢ   ᠴᠠᠭᠠᠨ ᠰᠦᠯᠳᠡ ᠶᠢᠨ ᠲᠠᠬᠢᠯᠭ᠎ᠠ ᠲᠠᠢ     ᠤᠯᠠᠭᠠᠨᠴᠠᠶᠢᠳᠠᠮ ᠤᠨ ᠥᠯᠦᠭᠡᠢ ᠳᠤᠨᠢ   ᠤᠰᠤᠷᠬᠠᠭ ᠬᠤᠷ᠎ᠠ ᠶᠢᠨ ᠨᠠᠮᠢᠷᠠᠭᠠᠨ ᠲᠠᠢ   ᠦᠷᠭᠡᠨ ᠲᠠᠯ᠎ᠠ ᠶᠢᠨ ᠰᠦ ᠰᠠᠭᠠᠯᠢ ᠨᠢ   ᠡᠯᠪᠡᠭ ᠬᠤᠷᠢᠶᠠᠯᠲᠠ ᠶᠢᠨ ᠪᠡᠯᠭᠡᠳᠡᠯ ᠲᠠᠢ     ᠭᠤᠷᠪᠠᠨ ᠰᠠᠯᠠᠭᠠᠨ ᠲᠣᠬᠤᠢ ᠳᠤᠨᠢ   ᠭᠤᠪᠢ ᠶᠢᠨ ᠬᠥᠳᠦᠯ ᠠᠭᠤᠯᠠ ᠲᠠᠢ   ᠭᠤᠪᠢ ᠪᠠᠨ ᠴᠢᠮᠡᠭᠰᠡᠨ ᠬᠥᠳᠡᠭᠡ ᠳᠤᠨᠢ   ᠭᠤᠯᠢᠶ᠎ᠠ ᠰᠢᠪᠠᠭᠤᠳ ᠤᠨ ᠲᠣᠩᠭᠤᠳᠤᠯᠲᠡᠢ     ᠴᠠᠮᠬᠠᠭ ᠨᠤᠲᠤᠭ ᠤᠨ ᠡᠯᠢᠭᠡᠨ ᠳᠤᠨᠢ   ᠰᠢᠷ᠎ᠠ ᠤᠰᠤᠨ ᠭᠤᠣᠯ ᠤᠨ ᠤᠷᠤᠰᠬᠠᠯ ᠲᠠᠢ   ᠴᠠᠭᠠᠨ ᠰᠦᠨ ᠤ ᠪᠠᠨ ᠰᠠᠴᠤᠯᠭ᠎ᠠ ᠪᠠᠷ   ᠰᠢᠪᠡᠷ ᠪᠥᠷᠢᠳᠦ ᠶᠢ ᠨᠢ ᠮᠢᠯᠢᠶᠠᠯᠲᠡᠢ     ᠤᠩᠭᠤᠨ ᠲᠡᠭᠷᠢ ᠶᠢᠨ ᠢᠪᠡᠭᠡᠯᠲᠦ   ᠤᠰᠤᠨ ᠴᠡᠶᠢᠳᠠᠮ ᠤᠨ ᠨᠤᠲᠤᠭ ᠲᠠᠢ   ᠭᠡᠰᠢᠭᠪᠡᠲᠦ ᠶᠢᠨ ᠰᠠᠬᠢᠭᠤᠯᠰᠦᠨ ᠣᠷᠣᠰᠢᠭᠰᠠᠨ   ᠬᠡᠶᠢᠮᠣᠷᠢ ᠲᠠᠯᠠᠯᠬᠤ ᠰᠢᠲᠤᠭᠡᠨ ᠲᠠᠢ     ᠪᠤᠶᠠᠨᠲᠤ ᠪᠤᠭᠤᠷᠤᠯᠴᠤᠳ ᠤᠨ ᠦᠯᠢᠭᠡᠷᠯᠡᠳᠡᠭ   ᠪᠤᠷᠤᠬᠦ᠋ᠳᠡᠭᠡ ᠨᠤᠲᠤᠭ ᠮᠢᠨᠢ ᠢᠨᠢᠶᠡᠯᠲᠡᠢ   ᠰᠤᠶᠤᠯ ᠲᠡᠤᠬᠡ ᠶᠢᠨ ᠲᠤᠷᠠᠰᠬᠠᠯᠲᠦ   ᠰᠦᠯᠳᠡ ᠨᠤᠲᠤᠭ ᠮᠢᠨᠢ ᠰᠢᠯᠤᠭ᠍ᠯᠡᠯ ᠲᠠᠢ     ᠰᠢᠷ᠎ᠠ ᠡᠯᠢᠭᠡ ᠶᠢᠨ ᠦᠷᠦᠴᠡᠨ ᠳᠤᠨᠢ   ᠱᠠᠷᠯᠢᠭ ᠤᠨ ᠰᠦᠮ᠎ᠡ ᠶᠢᠨ ᠰᠦᠨᠳᠡᠷᠯᠡᠭᠡ ᠲᠠᠢ   ᠰᠢᠨ᠎ᠡ ᠵᠠᠭᠤᠨ ᠤ ᠰᠦᠯᠳᠡ ᠨᠤᠲᠤᠭ ᠮᠢᠨᠢ   ᠰᠤᠶᠤᠯ ᠤᠷᠠᠯᠢᠭ ᠤᠨ ᠬᠢᠯᠠᠯᠵᠠᠭᠠᠨ ᠲᠠᠢ     ᠪᠤᠶᠠᠨ ᠬᠤᠷᠠᠭᠰᠠᠨ ᠰᠦᠯᠳᠡ ᠶᠢᠨ ᠲᠠᠬᠢᠯᠭ᠎ᠠ ᠲᠠᠢ   ᠪᠤᠷᠬᠠᠨ ᠨᠤᠲᠤᠭ ᠰᠦᠯᠳᠡ ᠮᠢᠨᠢ   ᠪᠤᠮᠠᠨ ᠣᠨ ᠤ ᠵᠦᠩ ᠪᠡᠯᠭᠡ ᠲᠠᠢ   ᠪᠤᠭᠤᠷᠤᠯ ᠨᠤᠲᠤᠭ ᠰᠦᠯᠳᠡ ᠮᠢᠨᠢ᠃                          ︵ᠠᠷᠠᠳ ᠤᠨ ᠰᠥᠯᠵᠢᠶ᠎ᠡ ᠠᠴᠠ︶
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ‌ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号