ᠠᠮᠢᠳᠣ ᠪᠤᠷᠬᠠᠨ— ᠡᠵᠢ ᠬᠦᠮᠣᠨ
ᠨᠡᠶᠢᠲᠡᠯᠡᠭᠰᠡᠨ ᠴᠠᠭ᠄
2016/4/6
                                                        ● ᠭᠠᠨᠭ᠍ᠭ᠍ᠪᠠᠭᠠᠳᠣᠷ        ᠡᠵᠢ ᠮᠢᠨᠢ ᠡᠯᠵᠢᠭᠡᠨ ᠲᠡᠷᠭᠡᠨ ᠤ ᠪᠠᠨ ᠬᠠᠵᠠᠭᠤ ᠳᠤ ᠶᠠᠭᠤ ᠨᠢᠬᠡ ᠶᠢ ᠪᠤᠳᠣᠵᠦ ᠶᠠᠪᠤᠬᠤ ᠴᠦ  ᠮᠡᠳᠣ᠂ ᠦᠬᠡᠢ  ᠴᠦ ᠮᠡᠳᠣ ᠵᠤᠬᠰᠣᠭᠠᠳ ᠪᠠᠶᠢᠬᠤ ᠨᠢ ᠶᠠᠭᠤᠨ ᠳᠤ ᠪᠢᠯᠡ︖ ᠠᠪᠬᠤ ᠶᠠᠭᠤᠮ᠎ᠠ ᠪᠠᠨ ᠮᠠᠷᠳᠠᠴᠢᠬᠠᠭᠠᠳ ᠠᠯᠮᠠᠶᠢᠷᠠᠵᠦ ᠪᠠᠶᠢᠭ᠎ᠠ ᠪᠢᠯᠢᠥ︖ ᠡᠰᠡᠭᠦᠯ᠎ᠡ ᠭᠡᠯᠡᠵᠦ ᠭᠠᠷᠬᠤ ᠦᠬᠡᠢ ᠣᠴᠢᠷ ᠲᠠᠢ ᠪᠤᠯᠴᠢᠬᠠᠪᠠᠣ︖                 ᠠᠷᠪᠠᠨ ᠲᠠᠪᠤᠨ ᠵᠢᠯ ᠤᠨ ᠡᠮᠦᠨ᠎ᠡ ᠮᠢᠨᠤ ᠬᠤᠷᠢᠮ ᠤᠨ ᠶᠤᠰᠣᠯᠠᠯ ᠤᠨ ᠲᠠᠷᠠᠭ᠎ᠠ ᠬᠤᠶᠠᠷ ᠡᠳᠣᠷ ᠤᠨ ᠬᠤᠶᠢᠨ᠎ᠠ  ᠡᠵᠢ  ᠮᠢᠨᠢ ᠰᠣᠮᠤᠨ ᠤ ᠲᠦᠪ ᠲᠤ ᠠᠶᠢᠯ ᠪᠤᠯᠤᠬᠰᠠᠨ ᠭᠡᠷᠭᠡᠢ ᠪᠢᠳᠡ ᠬᠤᠶᠠᠷ ᠢ ᠪᠠᠭ᠋ᠠᠨ ᠲᠦᠪᠬᠢᠨᠡᠭᠦᠯᠥᠭᠡᠳ ᠬᠠᠭᠤᠴᠢᠨ ᠭᠡᠷ ᠵᠦᠭ ᠢᠶᠠᠨ ᠪᠤᠴᠠᠬᠤ ᠪᠤᠯᠤᠭᠠᠳ ᠡᠯᠵᠢᠬᠡᠨ ᠲᠡᠷᠭᠡ ᠪᠠᠨ ᠬᠦᠳᠦᠯᠥᠭᠡᠳ ᠲᠦᠪᠡᠭᠰᠢᠶᠡᠵᠦ ᠵᠤᠬᠰᠣᠵᠦ ᠪᠠᠶᠢᠭ᠎ᠠ ᠪᠠᠶᠢᠳᠠᠯ   ᠨᠢ  ᠪᠤᠳᠣᠬᠳᠠᠭᠠᠳ  ᠯᠡ  ᠪᠠᠶᠢᠬᠤ ᠶᠤᠮ᠃           《ᠬᠦᠥ ᠳᠡᠭᠡᠨ ᠰᠠᠶᠢᠨ ᠪᠡᠷᠢ ᠪᠠᠭᠤᠯᠭᠠᠬᠰᠠᠨ ᠪᠤᠶᠠᠨ ᠲᠠᠢ ᠡᠵᠢ ᠰᠢᠦ》 ᠭᠡᠵᠦ ᠡᠵᠢ ᠶᠢᠨ ᠮᠢᠨᠢ ᠦᠶ᠎ᠡ  ᠬᠤᠷᠠᠭ   ᠤᠨ ᠬᠦᠮᠤᠰ ᠡᠷᠡᠬᠡᠢ ᠭᠠᠷᠭᠠᠨ ᠮᠠᠬᠳᠠᠵᠠᠭᠠᠵᠦ ᠪᠠᠶᠢᠬᠤ ᠨᠢ ᠪᠠᠰᠠ ᠴᠠᠭᠠᠨ᠎ᠠ ᠪᠠᠨ  ᠬᠦᠥ  ᠴᠢᠨᠢ  ᠠᠨᠠᠢ  ᠪᠠᠶᠢᠳᠠᠯ᠎ᠠ  ᠡᠶᠢᠮᠤ  ᠰᠠᠶᠢᠨ  ᠪᠡᠷᠢ ᠣᠯᠤᠬᠰᠠᠨ ᠴᠢᠨᠢ ᠪᠤᠷᠬᠠᠨ ᠳᠠᠭᠠᠨ ᠵᠠᠯᠪᠢᠷᠠ ᠭᠡᠰᠡᠨ ᠰᠠᠨᠠᠭ᠎ᠠ ᠴᠣᠬᠤᠶᠢᠵᠦ ᠪᠠᠶᠢᠬᠰᠠᠨ ᠪᠢᠯᠡ᠃ ᠰᠠᠶᠢᠨ ᠪᠡᠷᠢ ᠪᠠᠭᠤᠯᠭᠠᠬᠰᠠᠨ ᠨᠢ ᠪᠠᠶᠠᠷ ᠤᠨ ᠣᠴᠢᠷ ᠨᠢ ᠴᠦ ᠪᠠᠶᠠᠷ ᠤᠨ ᠣᠴᠢᠷ ᠰᠢᠳᠡ︕ ᠡᠵᠢ ᠬᠦᠮᠤᠨ ᠭᠡᠤᠭᠡᠳ ᠤᠳ ᠢᠶᠠᠨ ᠠᠶᠢᠯ ᠪᠤᠯᠭᠠᠴᠢᠬᠠᠪᠠᠯ ᠡᠭᠦᠷᠭᠡ  ᠲᠠᠭᠤᠰᠬᠤ ᠪᠢᠰᠢ᠂ ᠵᠠᠭᠦᠨᠰᠢ ᠪᠠᠨ ᠪᠠᠷᠠᠭᠤᠨᠰᠢ  ᠪᠠᠨ ᠲᠠᠳᠠᠭᠠᠯᠵᠠᠵᠦ ᠪᠠᠶᠢᠭ᠎ᠠ ᠤᠴᠢᠷ ᠪᠠᠶᠢᠬᠤ ᠯᠡ᠁᠁             《ᠡᠵᠢ ᠡ︕ ᠶᠠᠭᠠᠬᠢᠭᠠᠳ ᠶᠠᠪᠤᠬᠤ ᠦᠬᠡᠢ ᠵᠤᠬᠰᠣᠭᠠᠳ ᠪᠠᠶᠢᠬᠤ ᠪᠤᠢ︖》  ᠬᠡᠵᠦ  ᠪᠢ  ᠠᠰᠠᠭᠤᠵᠦ  ᠴᠢᠳᠠᠬᠤ ᠦᠬᠡᠢ᠃ ᠶᠠᠪᠤᠬᠤ ᠶᠢ ᠨᠢ ᠬᠦᠯᠢᠶᠡᠭᠡᠳ ᠴᠤᠭ ᠵᠤᠬᠰᠣᠵᠦ ᠯᠡ ᠪᠠᠶᠢᠯ᠎ᠠ᠃ ᠡᠵᠢ  ᠮᠢᠨᠢ  ᠪᠠᠭ᠋ᠠᠨ  ᠵᠤᠬᠰᠣᠬᠰᠠᠨ   ᠢᠶᠠᠨ᠄《ᠨᠢᠭᠡ ᠪᠦᠯᠥᠭ ᠠᠶᠠᠭ᠎ᠠ ᠰᠠᠪᠬ᠎ᠠ ᠪᠠᠨ ᠠᠪᠤᠭᠠᠳ ᠶᠠᠪᠤᠬᠤ ᠶᠤᠮ ᠤᠤ︖ ᠲᠡᠠᠳᠡ ᠪᠠᠰᠠ ᠵᠠᠷᠤᠨ᠎ᠠ᠃ ᠭᠡᠳᠡᠯ᠎ᠡ ᠠᠳᠡ ᠪᠠᠰᠠ ᠵᠠᠷᠤᠬᠤ ᠠᠶᠠᠭ᠎ᠠ ᠨᠢ ᠬᠤᠪᠤᠷᠳᠠᠴᠢᠬᠠᠨ᠎ᠠ᠃》 ᠭᠡᠰᠡᠨ ᠳᠤ ᠪᠢ 《ᠡᠵᠢ ᠡ︕ ᠠᠳᠡ ᠪᠢᠳᠡ ᠬᠤᠶᠠᠷᠬᠠᠨ ᠬᠦᠮᠣᠨ ᠭᠡᠳᠦᠢ ᠯᠡ  ᠠᠶᠠᠭ᠎ᠠ  ᠰᠠᠪᠬ᠎ᠠ ᠵᠠᠷᠤᠬᠤ ᠪᠤᠢ︖ ᠬᠡᠶᠢᠴᠢᠨ ᠢᠷᠡᠭᠰᠡᠨ ᠴᠦ ᠬᠦᠷᠦᠨ᠎ᠡ ᠰᠢᠳᠡ︕》 ᠭᠡᠬᠦ ᠳᠤ ᠡᠵᠢ ᠮᠢᠨᠢ᠄《ᠰᠠᠶ᠋ᠢ ᠠᠶᠢᠯ ᠪᠤᠯᠤᠬᠰᠠᠨ ᠲᠠᠨ ᠤ ᠬᠤᠷᠭᠤ ᠠᠪᠳᠠᠷ᠎ᠠ ᠲᠦᠬᠦᠷᠡᠩ ᠪᠠᠶᠢᠭ ᠬᠡᠵᠦ ᠪᠠᠰᠠ ᠪᠤᠳᠣᠵᠦ ᠪᠠᠶᠢᠨ᠎ᠠ ᠰᠢᠣ︕》 ᠭᠡᠯ᠎ᠡ᠃ ᠡᠵᠢ ᠮᠢᠨᠢ ᠢᠡᠭᠭᠢᠭᠡᠳ ᠯᠡ ᠣᠴᠢᠷ ᠪᠠᠶᠢᠭᠠᠳ ᠬᠡᠯᠡᠵᠦ ᠭᠠᠷᠬᠤ ᠦᠬᠡᠢ ᠲᠦᠪᠡᠭᠰᠢᠶᠠᠵᠦ ᠵᠤᠬᠰᠣᠵᠦ  ᠪᠠᠶᠢᠵᠡᠢ᠃  ᠲᠡᠭᠡᠭᠡᠳ  ᠯᠡ  ᠰᠡᠭᠦᠯ   ᠳᠤ   ᠨᠢ  ᠭᠡᠳᠣᠨ ᠠᠶᠠᠭ᠎ᠠ ᠫᠢᠯᠡ᠂ᠬᠤᠶᠠᠷ ᠰᠠᠡᠳᠠᠯᠢ ᠲᠠᠢ ᠪᠠᠨ ᠡᠯᠵᠢᠭᠡᠨ ᠲᠡᠷᠭᠡᠨ ᠳᠤ ᠪᠠᠨ ᠲᠡᠭᠡᠭᠡᠳ  ᠭᠡᠷ ᠵᠦᠭ   ᠢᠶᠠᠨ ᠭᠤᠶᠢᠭᠤᠷᠠᠭᠤᠯᠪᠠ᠃ ᠣᠷᠣᠢ ᠨᠠᠷᠠ ᠵᠢᠷᠭᠠᠬᠤ ᠶᠢᠨ ᠦᠶ᠎ᠡ ᠪᠠᠷ ᠡᠵᠢ ᠮᠢᠨᠢ ᠶᠠᠪᠠᠭᠠᠨ ᠢᠶᠠᠷ ᠠᠷᠪᠠᠭᠠᠳ ᠭᠠᠵᠡᠷ   ᠤᠨ  ᠦᠵᠦᠬᠦᠷ   ᠳᠠᠬᠢ  ᠬᠠᠭᠤᠴᠢᠡ  ᠭᠡᠷ ᠠᠴᠠ   ᠪᠠᠨ ᠲᠠᠯᠪᠢᠭᠠᠳ ᠢᠷᠡᠭᠦ ᠳᠤ ᠪᠠᠨ᠄ 《ᠪᠡᠷᠭᠡᠨ ᠴᠢᠨᠢ ᠭᠡᠷ ᠲᠡᠭᠡᠨ ᠭᠡᠳᠣᠨ ᠰᠢᠨ᠎ᠠ ᠠᠶᠠᠭ᠎ᠠ ᠬᠤᠳᠠᠯᠳᠣᠨ ᠠᠪᠤᠭᠠᠳ ᠪᠠᠶᠢᠵᠡᠢ᠃ ᠡᠭᠦᠨ ᠢ ᠬᠠᠰᠢᠯᠠ ᠠᠳᠡ ᠪᠠᠶᠢᠯᠭᠠᠵᠦ ᠪᠠᠶᠢᠶ᠎ᠡ︕ ᠪᠢ ᠴᠢᠨᠢ ᠪᠤᠥ ᠯᠡ ᠬᠤᠷᠭᠤ ᠶᠢ ᠨᠢ ᠬᠤᠭᠤᠰᠣᠨ ᠬᠤᠨᠤᠭᠤᠯᠤᠶ᠎ᠠ ᠭᠡᠳ ᠡᠳᠣᠷ   ᠲᠤ   ᠪᠠᠨ ᠪᠤᠴᠠᠭᠠᠭᠠᠳ ᠠᠪᠤᠭᠠᠳ ᠢᠷᠡᠭᠰᠡᠨ ᠡ》 ᠭᠡᠪᠡ᠃                ᠡᠳ᠋ ᠮᠦᠡᠭᠭᠦ ᠢᠶᠠᠷ ᠨᠢᠮᠭᠡᠨ ᠡᠵᠢ ᠮᠢᠨᠢ ᠶᠠᠪᠤᠬᠤ ᠰᠠᠭᠤᠬᠤ ᠪᠠᠨ ᠰᠠᠶᠢᠬᠠᠨ ᠠᠮᠵᠢᠭᠤᠯᠵᠦ ᠴᠢᠳᠠᠳᠠᠭ᠃  ᠮᠢᠨᠤ  ᠬᠠᠳᠠᠮ   ᠤᠨ ᠬᠢᠨ ᠪᠤᠯ ᠮᠠᠯ ᠠᠬᠤᠢ ᠪᠠᠷ ᠠᠷᠪᠢᠨ᠂ ᠴᠢᠳᠠᠯ ᠲᠠᠢ ᠠᠶᠢᠯ ᠪᠠᠶᠢᠬᠰᠠᠨ ᠠᠴᠠ ᠡᠵᠢ ᠮᠢᠨᠢ  ᠬᠤᠳᠠ᠂ᠬᠤᠳᠠᠭᠠᠢ   ᠲᠠᠢ   ᠪᠠᠨ  ᠠᠭᠤᠯᠵᠠᠬᠤ ᠪᠤᠯᠭᠠᠨ ᠣᠬᠠᠭᠠᠨ ᠲᠠᠢ ᠬᠠᠨᠳᠣᠵᠦ᠂ᠣᠷᠤᠭ ᠤᠨ ᠲᠠᠯ᠎ᠠ ᠶᠢᠨ ᠬᠢᠨ ᠲᠠᠢ ᠪᠠᠨ ᠠᠮᠢᠳᠣᠷᠠᠯ ᠠᠵᠤ ᠠᠬᠤᠢ ᠶᠢᠨ ᠲᠠᠯ᠎ᠠ ᠪᠠᠷ ᠵᠤᠭᠤᠬᠳᠠᠬᠤ ᠠᠴᠠ ᠬᠢᠴᠢᠶᠠᠨ᠎ᠠ᠃ ᠡᠶᠢᠮᠤ ᠠᠴᠠ ᠵᠤᠷᠢᠭᠤᠳᠠ ᠵᠤᠭᠤᠭ  ᠪᠠᠨ ᠦᠭᠡᠷ᠎ᠡ ᠲᠡᠰᠢ ᠪᠠᠨ ᠬᠠᠨᠳᠣᠭᠤᠯᠳᠠᠭ᠃  ᠪᠠᠶᠠᠨ  ᠬᠦᠮᠣᠨ   ᠤ  ᠠᠮᠠᠨ ᠠᠴᠠ ᠭᠠᠷᠬᠤ ᠦᠬᠡ ᠨᠢ ᠠᠶᠠᠡᠳᠠᠭᠠᠨ ᠪᠠᠷᠳᠠᠮ ᠰᠡᠳᠬᠢᠯᠬᠡ  ᠢᠯᠡᠷᠡᠨ᠎ᠡ᠃  ᠡᠵᠢ   ᠶᠢᠨ ᠵᠤᠭᠤᠭ ᠨᠢ  ᠬᠢᠴᠢᠶᠡᠭᠦ᠂ ᠭᠡᠷᠰᠡᠤᠯᠡᠬᠦ ᠠᠴᠠ ᠡᠬᠢᠯᠡᠭᠡᠳ ᠪᠠᠶ᠎ᠠ ᠪᠠᠨ ᠠᠯᠢ ᠴᠢᠳᠠᠬᠤ ᠪᠠᠷ ᠡᠵᠡᠮᠳᠡᠵᠦ ᠪᠠᠶᠢᠬᠰᠠᠨ᠃ ᠡᠵᠢ ᠮᠢᠨᠢ ᠠᠵᠢᠯ ᠬᠦᠳᠡᠯᠮᠦᠷᠢ ᠳᠤ ᠬᠤᠶᠢᠷᠭᠤᠰᠢᠭᠠᠳ  ᠠᠷᠣᠨᠰᠢ  ᠪᠠᠨ ᠣᠬᠤᠷᠢᠬᠰᠠᠨ ᠠᠴᠠ ᠠᠮᠢᠳᠣᠷᠠᠯ ᠠᠨᠠᠢ ᠪᠤᠯᠤᠬᠰᠠᠨ ᠪᠢᠰᠢ᠂ᠠᠪᠤ ᠮᠢᠨᠢ ᠡᠷᠳᠡ ᠨᠠᠰᠣ ᠪᠠᠷᠠᠵᠦ᠂ᠡᠵᠢ ᠮᠢᠨᠢ ᠬᠡᠤᠭᠡᠳ ᠢᠶᠠᠨ ᠪᠢᠴᠢᠭ ᠦᠵᠡᠬᠦᠯᠬᠦ ᠬᠡᠵᠦ ᠮᠤᠩᠭᠠᠨᠢᠬᠰᠠᠭᠠᠷ ᠪᠠᠶᠢᠵᠦ᠂ᠵᠢᠳᠭᠦᠭᠰᠡᠭᠡᠷ ᠪᠠᠶᠢᠵᠦ᠂ᠴᠢᠷᠮᠠᠶᠢᠬᠰᠠᠭᠠᠷ ᠪᠠᠶᠢᠵᠦ᠂ ᠬᠡᠤᠭᠡᠳ ᠨᠢ ᠲᠦᠡᠭᠭᠡᠵᠢ ᠰᠣᠷᠭᠠᠭᠤᠯᠢ ᠪᠠᠨ ᠲᠡᠭᠦᠰᠦᠭᠡᠳ ᠨᠢᠷᠤᠭᠤ ᠠᠮᠢᠰᠬᠤᠯ᠎ᠠ ᠬᠡᠰᠡᠨ ᠴᠢᠨᠢ ᠪᠠᠶᠢᠨᠤ︖ ᠪᠡᠷᠢ ᠠᠪᠴᠦ ᠠᠶᠢᠯ ᠭᠡᠷ ᠪᠤᠯᠬᠤ   ᠪᠠᠷ  ᠪᠤᠯᠤᠭᠠᠳ᠂ ᠡᠵᠢ   ᠶᠢᠨ ᠠᠵᠤ ᠠᠬᠤᠢ ᠶᠢᠨ ᠲᠠᠷᠣᠭᠠᠰᠣ ᠨᠢ ᠨᠡᠮᠡᠭᠳᠡᠭᠰᠡᠭᠡᠷ ᠪᠠᠶᠢᠬᠰᠠᠨ ᠪᠠᠶᠢᠨ᠎ᠠ᠃               ︽ᠭᠡᠷ ᠤᠨ ᠡᠮᠦᠨᠡᠭᠢ ᠨᠢᠭᠡ ᠭᠡᠰᠡᠭ ᠭᠠᠵᠡᠷ ᠲᠤ ᠡᠷᠳᠡᠨᠢ ᠰᠢᠰᠢ ᠲᠠᠷᠢᠭᠠᠳ  ᠨᠠᠮᠤᠷ  ᠪᠠᠭ᠎ᠠ  ᠰᠠᠭ᠎ᠠ  ᠶᠠᠭᠤᠮ᠎ᠠ  ᠬᠤᠷᠢᠶᠠᠵᠦ ᠤᠯᠪᠠᠯ ᠬᠤᠳᠠᠯᠳᠣᠭᠠᠳ ᠵᠤᠭᠤᠰ ᠢ ᠨᠢ ᠴᠢᠮ᠎ᠠ ᠳᠤ ᠦᠭᠬᠦᠶ᠎ᠡ︕ ᠰᠠᠶ᠋ᠢ ᠠᠶᠢᠯ ᠪᠤᠯᠤᠬᠰᠠᠨ  ᠪᠤᠯᠬᠤᠷ  ᠵᠠᠷᠣᠳᠠᠯ   ᠳᠤ  ᠴᠢᠨᠢ  ᠲᠠᠮ ᠪᠤᠯᠬᠤ ᠪᠠᠶᠢᠬ᠎ᠠ︕︾ ᠭᠡᠵᠦ ᠡᠵᠢ ᠮᠢᠨᠢ ᠬᠡᠯᠡᠭᠰᠡᠨ ᠢᠶᠠᠷ ᠢᠶᠠᠨ ᠪᠡᠶᠡᠯᠡᠬᠦᠯᠵᠦ᠂ ᠲᠠᠷᠢᠶᠠᠨ ᠭᠠᠵᠡᠷ ᠲᠤ ᠪᠠᠨ  ᠮᠤᠩᠭᠠᠨᠢᠵᠦ᠂ ᠭᠡᠳᠣᠨ‌ᠮᠠᠯ ᠲᠠᠢ ᠪᠠᠨ ᠨᠤᠴᠣᠯᠳᠣᠵᠦ᠂ᠠᠮᠢᠳᠣᠷᠠᠯ ᠤᠨ ᠬᠠᠳᠠᠭᠤ᠂ᠬᠤᠷᠸ᠎ᠠ ᠶᠢᠨ ᠵᠠᠮ ᠢᠶᠠᠷ ᠲᠡᠮᠡᠥᠯᠵᠤ ᠯᠡ ᠪᠠᠶᠢᠯ᠎ᠠ᠃ ᠲᠡᠷᠡ ᠵᠤᠨ ᠨᠢ ᠮᠢᠨᠤ ᠭᠡᠷᠭᠡᠢ ᠶᠢᠨ  ᠲᠦᠷᠭᠦᠮ   ᠠᠴᠠ  ᠭᠡᠳᠣᠨ  ᠦᠬᠡᠷ᠂ᠭᠡᠳᠣᠨ  ᠬᠤᠨᠢ  ᠬᠦᠷᠭᠡᠵᠦ  ᠢᠷᠡᠭᠰᠡᠨ   ᠳᠤ  ᠡᠵᠢ   ᠶᠢᠨ  ᠮᠢᠨᠢ   ᠠᠵᠢᠯ   ᠲᠦᠷᠦᠯ ᠨᠡᠮᠡᠭᠳᠡᠵᠦ᠂ ᠦᠬᠡᠷ᠂ ᠬᠤᠨᠢ ᠬᠠᠷᠠᠬᠤ ᠡᠭᠦᠷᠭᠡ ᠲᠠᠢ ᠪᠤᠯᠬᠤ ᠳᠠᠭᠠᠨ ︽ᠲᠡ ᠬᠦᠮᠣᠨ ᠤ ᠠᠵᠢᠯ ᠢ ᠰᠠᠶᠢᠨ ᠬᠢ᠂ ᠪᠢ ᠵᠦᠬᠡᠷ ᠡ︕ ᠪᠡᠷᠢ ᠶᠢᠨ ᠢᠶᠠᠨ ᠲᠦᠷᠭᠦᠮ ᠠᠴᠠ ᠦᠭᠬᠦᠭᠰᠡᠨ ᠮᠠᠯ ᠢ ᠰᠠᠶᠢᠨ ᠡᠷᠭᠢᠴᠡᠭᠦᠯᠬᠦ ᠦᠬᠡᠢ ᠶᠠᠭᠠᠬᠢᠨ᠎ᠠ ᠳ᠋ᠠ︕︾ ᠭᠡᠳ ᠯᠡ ᠶᠠᠭᠠᠷᠠᠵᠦ ᠪᠠᠶᠢᠬᠰᠠᠨ ᠶᠤᠮ᠃ ︽ᠦᠬᠡᠷ ᠴᠢᠨᠢ ᠰᠠᠶᠢᠨ ᠲᠠᠷᠭᠤᠯᠠᠪᠠᠯ ᠶᠡᠭᠡ ᠰᠣᠨᠢᠨ ᠬᠠᠷᠠᠬᠳᠠᠨ᠎ᠠ᠃ ᠲᠠᠨ ᠤ ᠪᠠᠷᠢ ᠶᠢᠨ ᠲᠦᠷᠭᠦᠮ ᠠᠴᠠ ᠢᠷᠡᠭᠰᠡᠨ ᠦᠨᠢᠶ᠎ᠡ ᠬᠦᠵᠦᠬᠦᠥ ᠨᠢ ᠪᠠᠮᠪᠠᠶᠢᠵᠦ᠂ ᠰᠡᠭᠡᠷ ᠨᠢ ᠪᠦᠪ ᠪᠦᠮᠪᠦᠷᠢᠭᠡᠨ︾ ᠬᠡᠵᠦ ᠠᠶᠢᠯ ᠤᠨ ᠬᠦᠮᠣᠰ ᠡᠵᠢ ᠶᠢᠨ ᠠᠷᠠᠴᠢᠯᠠᠬᠰᠠᠨ ᠦᠭᠡᠷ ᠢ ᠦᠵᠡᠬᠡᠳ ᠰᠣᠨᠢᠷᠬᠠᠵᠦ ᠪᠠᠶᠢᠬᠰᠠᠨ ᠭᠡᠳᠡᠭ᠃ ᠲᠡᠷᠡ ᠦᠶᠡᠰ ᠬᠦᠳᠡᠭᠡ ᠲᠤᠰᠬᠤᠨ ᠳᠤ ᠦᠬᠡᠷ  ᠪᠤᠷᠳᠣᠨ  ᠲᠠᠷᠭᠤᠯᠠᠭᠤᠯᠬᠤ  ᠠᠷᠭ᠎ᠠ  ᠮᠠᠶ᠋ᠢᠭ   ᠢ ᠭᠡᠷᠡᠭᠵᠢᠬᠦᠯᠵᠦ ᠪᠠᠶᠢᠬᠰᠨᠨ ᠦᠬᠡᠢ ᠪᠤᠯᠬᠤᠷ ᠰᠣᠨᠢᠷᠬᠠᠬᠤ ᠨᠢ ᠠᠷᠭ᠎ᠠ ᠦᠬᠡᠢ᠃ ︽ᠶᠡᠭᠡ ᠬᠦᠥ ᠠᠴᠠ ᠨᠢ ᠬᠦᠤ   ᠲᠠᠢ᠂ ᠪᠠᠭ᠎ᠠ ᠬᠦᠥ  ᠠᠴᠠ ᠨᠢ ᠦᠬᠢᠨ ᠲᠠᠢ᠃ ᠡᠨᠡ ᠬᠦᠭᠰᠢᠨ ᠴᠦ ᠪᠤᠶᠠᠨ ᠲᠠᠢ ᠬᠦᠮᠣᠨ ᠡ︕ ᠦᠷ᠎ᠠ ᠶᠢᠨ ᠪᠤᠶᠠᠨ ᠰᠠᠨᠠᠭ᠎ᠠ ᠪᠠᠷ ᠪᠤᠯᠵᠦ ᠪᠠᠶᠢᠨ᠎ᠠ᠃︾ ᠬᠡᠵᠦ ᠡᠵᠢ ᠶᠢᠨ ᠦᠶᠡᠴᠣᠤᠯ ᠨᠢ ᠮᠦᠨ ᠯᠡ ᠭᠠᠶᠢᠬᠠᠵᠠᠭᠠᠨ᠎ᠠ᠃ ᠰᠢᠳᠣᠷᠭᠤ ᠶᠠᠪᠤᠬᠰᠠᠨ ᠬᠦᠮᠤᠨ ᠤ ᠦᠷ᠎ᠡ ᠭᠡᠤᠭᠡᠳ ᠨᠢ  ᠦᠭᠡᠳᠡ ᠦᠡᠭᠭᠡ ᠬᠡᠳᠡᠭ ᠡᠨᠡ ᠪᠢᠯᠥ︖ ᠮᠢᠨᠤ ᠦᠬᠢᠨ ᠢ ᠦᠵᠡᠭᠳᠡᠭᠰᠡᠨ ᠡᠪᠤᠯ ᠨᠢ ᠡᠵᠢ ᠮᠢᠨᠢ ᠬᠤᠶᠠᠷ ᠭᠡᠷ ᠤᠨ ᠬᠤᠭᠤᠷᠤᠨᠳᠣ ᠨᠠᠰᠢ ᠴᠠᠰᠢ ᠬᠦᠶᠦᠵᠦ ᠶᠠᠪᠤᠬᠤ ᠳᠠᠭᠠᠨ ᠰᠡᠳᠬᠢᠯ ᠨᠢ ᠶᠠᠭᠠᠬᠢᠬᠰᠠᠨ ᠪᠠᠶᠠᠷᠳᠠᠢ ᠪᠠᠶᠢᠬᠰᠠᠨ ᠢ ᠮᠡᠳᠡᠭᠦ ᠦᠬᠡᠢ᠃ ᠬᠠᠷᠠᠩᠭᠤᠢ ᠪᠠᠷ  ᠪᠤᠰᠴᠦ  ᠬᠠᠵᠠᠭᠤ ᠠᠶᠢᠯ ᠤᠨ ᠬᠤᠳᠳᠤᠭ ᠠᠴᠠ ᠣᠰᠣ ᠲᠡᠭᠦᠵᠢᠯᠡᠵᠦ ᠢᠷᠡᠭᠡᠳ ᠴᠠᠢ ᠴᠢᠨᠠᠵᠦ᠂ᠭᠡᠷᠭᠡᠢ ᠳᠤ ᠮᠢᠨᠢ  ᠨᠠᠷᠢᠮᠤ   ᠶᠢᠨ ᠰᠦᠮᠦᠰᠦ  ᠪᠤᠴᠠᠯᠭᠠᠵᠦ ᠦᠭᠬᠦᠭᠡᠳ᠂ᠨᠠᠷᠠ ᠭᠠᠷᠬᠤ ᠦᠶ᠎ᠡ ᠳᠤ ᠬᠠᠭᠤᠴᠢᠨ ᠭᠡᠷ ᠵᠦᠭ ᠢᠶᠠᠨ ᠬᠦᠶᠦᠵᠦ ᠬᠦᠷᠦᠭᠡᠳ ᠠᠬ᠎ᠠ ᠪᠡᠷᠭᠡᠨ ᠳᠤ ᠬᠠᠮᠵᠢᠵᠦ ᠠᠵᠢᠯ   ᠢ ᠨᠢ ᠬᠢᠵᠦ᠂ ᠭᠡᠤᠭᠡᠳ ᠢ ᠨᠢ ᠬᠠᠷᠠᠵᠦ ᠦᠭᠬᠦ ᠮᠦᠷᠳᠡᠭᠡᠨ ᠣᠷᠣᠢ ᠪᠤᠯᠬᠤ ᠦᠶ᠎ᠡ   ᠪᠠᠷ  ᠠᠬᠢᠭᠠᠳ  ᠯᠡ  ᠮᠠᠨ   ᠤ   ᠳᠤ  ᠬᠦᠷᠦᠭᠡᠳ ᠢᠷᠡᠳᠡᠭ᠃《ᠪᠢ ᠴᠢᠨᠢ ᠪᠠᠰᠠ ᠯᠡ ᠪᠡᠶ᠎ᠡ ᠪᠠᠨ ᠵᠠᠯᠠᠭᠤ  ᠬᠡᠵᠦ  ᠪᠤᠳᠣᠵᠦ  ᠪᠠᠶᠢᠬᠤ   ᠠᠴᠠ  ᠳ᠋ᠠ︕ ᠡᠮᠡᠭᠡ  ᠰᠠᠭᠤᠴᠢᠬᠠᠬᠰᠠᠨ ᠰᠢᠤ︕》ᠭᠡᠵᠦ ᠡᠵᠢ ᠮᠢᠨᠢ ᠠᠭᠤᠯᠵᠠᠬᠰᠠᠨ ᠪᠤᠯᠭᠠᠨ ᠳᠤ ᠪᠠᠨ ᠣᠴᠢᠷ ᠪᠤᠯᠭᠠᠵᠦ ᠬᠡᠯᠡᠵᠦ ᠪᠠᠶᠢᠬᠰᠠᠨ ᠶᠤᠮ᠃ ᠰᠡᠳᠬᠢᠯ ᠪᠠᠶᠠᠷᠳᠠᠢ ᠪᠠᠶᠢᠪᠠᠯ ᠠᠮᠢᠳᠣᠷᠠᠯ ᠦᠭᠡᠳᠡ ᠲᠠᠢ ᠭᠡᠳᠡᠭ᠃ ᠡᠵᠢ ᠮᠢᠨᠢ ᠢᠡᠭᠭᠢᠵᠦ ᠯᠡ ᠰᠣᠮᠤᠨ ᠤ ᠲᠦᠪ ᠲᠤ ᠪᠠᠶᠢᠭ᠎ᠠ ᠮᠢᠨᠤ ᠭᠡᠷ  ᠪᠤᠶᠤ  ᠬᠦᠳᠡᠭᠡ ᠭᠡᠷ ᠤᠨ ᠢᠶᠠᠨ ᠬᠤᠭᠤᠷᠤᠨᠳᠣ ᠬᠦᠡᠭᠭᠡᠨ ᠲᠤᠪᠳᠣᠯᠵᠦ ᠪᠠᠶᠢᠬᠰᠠᠨ ᠳ᠋ᠠᠭ᠃《ᠰᠠᠶᠢᠨ ᠦᠷ᠎ᠡ ᠳᠤ  ᠪᠤᠥ  ᠨᠦᠬᠡ᠂ ᠦᠪᠡᠷ   ᠢᠶᠠᠨ ᠣᠯᠤᠨ᠎ᠠ᠃ ᠮᠠᠭᠤ ᠦᠷ᠎ᠠ ᠳᠤ ᠪᠤᠣ ᠨᠦᠬᠡ ᠦᠪᠡᠷ ᠢᠶᠠᠨ ᠪᠠᠷᠠᠨ᠎ᠠ᠃ ᠭᠡᠳᠡᠭ ᠢᠶᠠᠷ ᠭᠡᠨ ᠭᠡᠨ ᠤ  ᠬᠡᠤᠭᠡᠳ ᠰᠠᠶᠢᠨ ᠲᠦᠷᠦᠵᠡᠢ᠃ ᠪᠠᠶᠠᠵᠢᠴᠢᠬᠠᠵᠡᠢ︕》 ᠭᠡᠵᠦ ᠵᠠᠷᠢᠮ ᠨᠢ ᠡᠵᠢ ᠶᠢᠨ ᠠᠮᠠᠨ ᠠᠴᠠ ᠬᠠᠷᠢᠭᠤ ᠤᠨᠠᠬᠤ ᠶᠢ ᠬᠦᠯᠢᠶᠡᠳᠡᠭ ᠪᠤᠯᠪᠠᠴᠦ ᠡᠵᠢ ᠮᠢᠨᠢ ᠬᠠᠷᠢᠨ ᠶᠡᠷᠣ ᠬᠡᠤᠭᠡᠳ ᠢᠶᠠᠨ ᠴᠢᠳᠠᠯ ᠦᠬᠡᠢ ᠬᠡᠮᠡᠨ ᠬᠦᠮᠣᠨ ᠤ ᠡᠮᠦᠨ᠎ᠡ ᠬᠡᠯᠡᠳᠡᠭ ᠦᠬᠡᠢ ᠶᠤᠮ᠃ ᠦᠨᠡᠨ ᠳᠡᠭᠡᠨ ᠪᠢ ᠣᠯᠤᠬᠰᠠᠨ ᠦᠬᠡᠢ ᠪᠤᠯᠪᠠᠴᠦ ᠪᠠᠷᠠᠬᠰᠠᠨ ᠭᠡᠤᠭᠡᠳ ᠪᠢᠰᠢ ᠪᠠᠶᠢᠬᠰᠠᠨ ᠶᠤᠮ᠃ ᠨᠡᠶᠢᠬᠡᠮ ᠭᠡᠳᠡᠭ ᠨᠢ ᠬᠦᠮᠣᠨ ᠨᠢ ᠬᠦᠮᠣᠨ ᠢᠶᠠᠨ ᠰᠣᠨᠢᠷᠬᠠᠵᠦ᠂ ᠰᠠᠶᠢᠨ ᠮᠠᠭᠤ ᠪᠠᠨ ᠠᠳᠠᠯᠢᠳᠬᠠᠵᠦ ᠠᠮᠢᠳᠣᠷᠠᠳᠠᠭ᠃ ᠬᠤᠶᠠᠭᠤᠯᠠ ᠭᠤᠷᠪᠠᠭᠤᠯᠠ  ᠤᠴᠠᠷᠠᠪᠠᠯ  ᠬᠤᠨᠭ᠍ᠰᠢᠶᠠᠷ ᠲᠠᠭᠠᠷᠠᠵᠦ᠂ ᠲᠦᠷᠪᠡᠭᠦᠯᠡ ᠲᠠᠪᠤᠭᠤᠯᠠ ᠣᠴᠠᠷᠠᠪᠠᠯ ᠰᠡᠵᠢᠭ ᠲᠦᠷᠦᠵᠦ ᠪᠠᠶᠢᠳᠠᠭ ᠠᠴᠠ ᠡᠵᠢ ᠮᠢᠨᠢ ᠡᠳᠡᠭᠡᠷ ᠬᠦᠨᠳᠣ ᠬᠡᠴᠡᠭᠦᠥ ᠵᠢᠯ   ᠤᠳ   ᠲᠤ  ᠨᠡᠶᠢᠬᠡᠮ ᠤᠨ ᠪᠦᠷᠢᠯᠳᠡᠭᠦᠨ ᠭᠡᠰᠢᠬᠦᠨ ᠪᠤᠯᠤᠬᠰᠠᠨ ᠤ ᠬᠤᠪᠢ ᠳᠤ ᠪᠠᠰᠠ ᠭᠡᠤᠭᠡᠳ ᠢᠶᠠᠨ ᠦᠨᠡᠯᠡᠬᠦᠯᠵᠦ᠂ᠪᠡᠶ᠎ᠡ ᠪᠠᠨ ᠪᠠᠷᠢᠮᠵᠢᠶᠠᠯᠠᠭᠤᠯᠵᠦ ᠶᠠᠪᠤᠬᠰᠠᠨ ᠪᠠᠶᠢᠯᠬᠦᠢ︕                  ᠬᠤᠵᠢᠮ ᠨᠢ ᠬᠦᠳᠡᠭᠡ ᠨᠣᠳᠤᠭ ᠠᠴᠠ ᠬᠤᠳᠠ ᠣᠷᠣᠭᠤ ᠨᠡᠭᠦᠳᠡᠯᠯᠡᠬᠦ ᠴᠠᠭ ᠤᠨ ᠣᠷᠣᠰᠬᠠᠯ ᠢ ᠲᠠᠭᠠᠵᠦ  ᠬᠤᠶᠠᠷ  ᠮᠢᠩᠭ᠎ᠠ ᠪᠦᠭᠡᠳ ᠲᠦᠷᠪᠡᠨ ᠣᠨ ᠳᠤ ᠪᠢᠯᠢᠥ ᠳ᠋ᠠ︖ ᠠᠬ᠎ᠠ ᠪᠢᠳᠡ ᠬᠤᠶᠠᠷ ᠪᠦᠷ ᠯᠡ ᠬᠤᠰᠢᠭᠤᠨ ᠲᠦᠪ   ᠲᠤ ᠨᠡᠭᠦᠵᠦ ᠢᠷᠡᠭᠡᠳ ᠠᠳᠠᠯ ᠠᠮᠢᠳᠣᠷᠠᠯ ᠢᠶᠠᠨ ᠴᠣᠴᠠᠯᠠᠬᠤ ᠪᠤᠯᠤᠬᠰᠠᠨ ᠳᠤ ᠡᠵᠢ ᠮᠢᠨᠢ ᠴᠦ ᠮᠠᠨᠤᠰ ᠲᠠᠢ ᠬᠠᠮᠳᠣ ᠬᠤᠳᠠ ᠶᠢᠨ  ᠬᠦᠮᠣᠨ  ᠪᠤᠯᠴᠢᠬᠠᠬᠰᠠᠨ ᠶᠤᠮ᠃ ᠬᠤᠳᠠ ᠳᠤ ᠢᠷᠡᠭᠡᠳ ᠡᠵᠢ ᠮᠢᠨᠢ ᠭᠦᠯ ᠢᠶᠠᠨ ᠬᠤᠮᠢᠭᠠᠳ ᠰᠠᠭᠤᠬᠰᠠᠨ ᠪᠢᠰᠢ᠃ ᠬᠤᠶᠠᠷ ᠬᠦᠥ ᠶᠢᠨ ᠢᠶᠠᠨ ᠬᠤᠶᠠᠷ ᠭᠡᠷ ᠬᠤᠭᠤᠷᠤᠨᠳᠣ ᠮᠦᠨ ᠲᠤᠪᠳᠣᠯᠬᠤ ᠪᠠᠷ ᠢᠶᠠᠨ ᠲᠤᠪᠳᠣᠯᠵᠦ ᠯᠡ ᠪᠠᠶᠢᠯ᠎ᠠ᠃ ᠪᠠᠭᠰᠢ ᠶᠢᠨ ᠴᠡᠯᠢᠩ ᠦᠰᠭᠦ ᠴᠢᠮᠡᠭᠡ ᠶᠢ ᠰᠣᠨᠤᠰᠣᠬᠰᠠᠨ  ᠡᠵᠢ ᠮᠢᠨᠢ᠄ 《ᠪᠠᠭᠰᠢ  ᠶᠢᠨ ᠴᠡᠯᠢᠩ ᠦᠰᠦᠨ᠎ᠡ ᠭᠡᠨ᠎ᠡ᠂ᠪᠡᠷᠢ ᠮᠢᠨᠢ ᠶᠡᠭᠡ ᠴᠡᠯᠢᠩ ᠮᠦᠡᠭᠭᠦ ᠤᠯᠤᠨ᠎ᠠ᠃ ᠲᠠᠪᠠᠭᠤ ᠪᠤᠯᠵᠡᠢ ᠬᠡᠵᠦ  ᠪᠠᠶ᠎ᠠ   ᠨᠢ ᠬᠦᠡᠭᠭᠡᠷᠡᠵᠦ ᠶᠠᠷᠢᠨ᠎ᠠ᠃ ᠦᠨᠡᠠᠳᠡᠭᠡᠨ ᠴᠡᠯᠢᠩ ᠦᠰᠦᠭᠡᠳ ᠡᠵᠢ ᠳᠤ ᠢᠷᠡᠭᠦ ᠢᠯᠡᠭᠦᠥ ᠶᠠᠭᠤᠮ᠎ᠠ ᠬᠠᠮᠢᠭ᠎ᠠ ᠪᠠᠶᠢᠨ᠎ᠠ ᠳ᠋ᠠ︖ ᠡᠵᠢ ᠶᠢᠨ ᠰᠠᠨᠠᠭ᠎ᠠ ᠨᠢ ᠪᠤᠯᠪᠠᠯ ᠪᠢᠳᠡ ᠵᠠᠷᠤᠬᠤ ᠵᠤᠭᠤᠰ ᠲᠤᠳᠠᠬᠤ ᠦᠬᠡᠢ ᠪᠤᠯ ᠪᠤᠯᠴᠢᠬᠠᠨ᠎ᠠ ᠬᠡᠵᠦ ᠪᠤᠳᠣᠵᠦ ᠯᠡ ᠪᠠᠶᠢᠵᠡᠢ᠃  ᠲᠡᠷᠡ  ᠵᠢᠯ   ᠨᠢ ᠦᠨᠡᠭᠡᠷ ᠴᠡᠯᠢᠩ ᠦᠰᠦᠭᠰᠡᠨ ᠪᠤᠯᠪᠠᠴᠦ᠂ ᠰᠠᠭᠤᠷᠢ ᠨᠢ ᠨᠢᠮᠭᠡᠨ ᠠᠶᠢᠯ ᠳᠤ  ᠣᠪᠤᠶᠢᠵᠦ  ᠬᠠᠷᠠᠬᠳᠠᠬᠤ  ᠶᠠᠭᠤᠮ᠎ᠠ  ᠬᠠᠮᠢᠭ᠎ᠠ  ᠪᠠᠶᠢᠨ᠎ᠠ ᠳ᠋ᠠ︕ ᠡᠵᠢ ᠮᠢᠨᠢ ᠰᠣᠨᠤᠰᠣᠭᠠᠳ ᠪᠠᠶᠠᠷᠯᠠᠬᠰᠠᠨ ᠠᠴᠠ ᠪᠢᠰᠢ ᠦᠵᠡᠭᠰᠡᠨ  ᠶᠠᠭᠤᠮ᠎ᠠ  ᠦᠬᠡᠢ  ᠶᠤᠮ᠃  《ᠤᠪᠤᠶᠢᠬᠤ  ᠦᠬᠡᠢ ᠪᠠᠶᠢᠬᠤ ᠨᠢ ᠡᠵᠢ  ᠳᠤ ᠴᠢᠨᠢ ᠪᠤᠷᠤᠭᠤ ᠦᠬᠡᠢ᠂ᠭᠡᠷᠭᠡᠢ ᠳᠤ ᠴᠢᠨᠢ ᠪᠤᠷᠤᠭᠤ ᠦᠬᠡᠢ᠃ ᠭᠡᠷ ᠤᠨ  ᠡᠵᠡᠨ  ᠡᠷ᠎ᠡ ᠬᠦᠮᠣᠨ  ᠪᠤᠯᠤᠬᠰᠠᠨ ᠴᠢᠮ᠎ᠠ ᠳᠤ ᠯᠡ ᠪᠠᠶᠢᠨ᠎ᠠ ᠰᠢᠳᠡ︕》 ᠭᠡᠵᠦ ᠬᠠᠳᠠᠮ ᠠᠪᠤ ᠮᠢᠨᠢ ᠨᠠᠮᠠᠶᠢ ᠵᠢᠮᠡᠯᠡᠬᠦ ᠨᠢ  ᠲᠠᠭᠠᠷᠠᠨ᠎ᠠ᠃ ᠲᠡᠷᠢᠬᠢ  ᠲᠤᠯᠤᠭᠠᠢ ᠲᠠᠩᠴᠦ ᠪᠢᠳᠡᠭᠤᠯᠢᠭ ᠪᠠᠶᠢᠨ᠎ᠠ ᠰᠢᠳᠡ᠃ ᠰᠠᠶᠢᠨ ᠠᠮᠢᠳᠣᠷᠠᠭᠠᠳ ᠡᠵᠢ ᠪᠠᠨ ᠰᠠᠨᠠᠭ᠎ᠠ ᠲᠦᠬᠦᠷᠡᠩ ᠪᠠᠶᠢᠯᠭᠠᠵᠦ ᠪᠤᠯᠳᠠᠭ ᠦᠬᠡᠢ ᠤᠤ︖ ᠣᠨ ᠵᠢᠯ ᠤᠨ ᠦᠡᠭᠭᠡᠷᠡᠭᠦ ᠨᠢ ᠬᠤᠷᠳᠣᠨ ᠬᠡᠵᠢ ᠡ︕                ᠰᠣᠷᠭᠠᠭᠤᠯᠢ ᠶᠢᠨ ᠡᠭᠦᠳᠡᠨ ᠳᠤ ᠣᠮᠪᠤᠯ ᠢᠶᠠᠨ ᠲᠤᠰᠬᠤ ᠭᠡᠭᠴᠢ ᠡᠪᠦᠭᠡ ᠡᠮᠡᠭᠡ ᠤᠳ ᠲᠤ ᠯᠡ ᠪᠠᠶᠢᠳᠠᠭ ᠵᠢᠷᠭᠠᠯ   ᠢ ᠭᠡᠯᠡᠬᠦ ᠦᠬᠡᠢ ᠳᠤ ᠭᠡᠨ ᠴᠦ ᠪᠦᠷ ᠮᠡᠳᠡᠨ᠎ᠡ᠃ ᠡᠵᠢ ᠮᠢᠨᠢ ᠣᠯᠠᠨ ᠬᠦᠮᠤᠰ ᠤᠨ ᠲᠤᠮᠳᠠ ᠰᠣᠷᠭᠠᠭᠤᠯᠢ  ᠶᠢᠨ ᠡᠭᠦᠳᠡᠨ ᠵᠦᠭ ᠬᠠᠷᠠᠴᠠ ᠰᠠᠯᠭᠠᠯ ᠦᠬᠡᠢ ᠵᠤᠬᠰᠣᠨ᠎ᠠ᠃ ᠬᠠᠷᠠᠬᠤ ᠨᠢᠳᠣᠨ ᠤ ᠴᠡᠴᠡᠭᠡᠢ ᠪᠤᠯᠤᠬᠰᠠᠨ᠂ ᠬᠠᠯᠠᠭᠤᠨ ᠵᠢᠷᠦᠭᠡᠨ ᠤ ᠬᠢᠨ ᠰᠣᠷᠢᠨᠵᠢᠨ ᠪᠤᠯᠤᠬᠰᠠᠨ ᠵᠢᠭᠠᠯ ᠤᠳ ᠢ ᠲᠤᠰᠤᠬᠰᠠᠨ ᠡᠪᠦᠭᠡ ᠡᠮᠡᠭᠡ ᠨᠠᠷ ᠤᠨ ᠴᠢᠷᠠᠢ ᠶᠢ ᠬᠠᠷᠠᠬᠤ  ᠪᠠᠷ ᠶᠢᠷᠳᠢᠨᠴᠦ  ᠲᠡᠯᠡᠬᠡᠢ  ᠪᠠᠶᠠᠰᠣᠭᠠᠳ  ᠪᠠᠶᠢᠮᠠᠷ᠃ ᠡᠨᠡᠬᠦ ᠬᠠᠶᠢᠷ᠎ᠠ ᠪᠠᠷ ᠪᠢᠯᠬᠠᠬᠰᠠᠨ ᠬᠤᠷᠸ᠎ᠠ ᠳᠤ ᠡᠵᠢ ᠮᠢᠨᠢ ᠪᠠᠰᠠ ᠣᠮᠪᠤᠯ ᠪᠠᠨ ᠬᠦᠳᠦᠯᠤᠨ ᠪᠠᠶᠠᠰᠣᠨ᠎ᠠ ᠪᠢᠯᠡ᠃ ᠡᠵᠢ ᠶᠢᠨ ᠮᠢᠨᠢ ᠬᠤᠶᠠᠷ ᠬᠦᠯ ᠨᠢ ᠡᠨᠡ ᠬᠤᠷᠸ᠎ᠠ ᠳᠤ ᠦᠷᠢ  ᠲᠠᠢ ᠵᠠᠶᠠᠭᠠᠬᠰᠠᠨ ᠴᠦ ᠶᠤᠮ ᠤᠤ︖ ᠵᠠᠯᠠᠭᠤ ᠳᠠᠭᠠᠨ ᠮᠠᠩᠬᠠᠨ ᠨᠣᠳᠤᠭ   ᠲᠠᠭᠠᠨ  ᠮᠠᠯ   ᠤᠨ  ᠬᠤᠶᠢᠨ᠎ᠠ   ᠠᠴᠠ ᠬᠦᠶᠦᠯ᠎ᠠ᠂ᠢᠳᠡᠷ ᠨᠠᠰᠣᠨ ᠳᠠᠭᠠᠨ  ᠠᠶᠢᠯ  ᠭᠡᠷ  ᠪᠤᠯᠤᠬᠰᠠᠨ  ᠬᠤᠶᠠᠷ  ᠬᠡᠤᠭᠡᠳ   ᠤᠨ   ᠢᠶᠠᠨ  ᠭᠡᠷ  ᠬᠤᠭᠤᠷᠣᠨᠳᠣ  ᠨᠠᠰᠢ  ᠴᠠᠰᠢ ᠬᠦᠶᠦᠯ᠎ᠠ᠂ᠦᠳᠡᠯᠥᠭᠡ ᠨᠠᠰᠣᠨ ᠳᠠᠭᠠᠨ ᠬᠤᠶᠠᠷ ᠤᠮᠪᠤᠯ ᠢᠶᠠᠨ ᠬᠦᠳᠦᠯᠥᠭᠰᠡᠭᠡᠷ  ᠴᠡᠴᠡᠷᠯᠢᠭ᠂ᠰᠣᠷᠭᠠᠭᠤᠯᠢ  ᠭᠡᠷ   ᠤᠨ  ᠬᠤᠭᠤᠷᠤᠨᠳᠣ ᠬᠦᠶᠦᠯ᠎ᠠ᠂ᠡᠵᠢ ᠮᠢᠨᠢ ᠬᠡᠴᠦᠨᠡᠨ ᠬᠤᠯᠠ ᠶᠢᠨ ᠠᠮᠢᠳᠣᠷᠠᠯ ᠤᠨ ᠠᠶᠠᠨ ᠵᠠᠮ ᠢ ᠬᠤᠶᠠᠷ ᠭᠦᠯ   ᠢᠶᠠᠷ   ᠢᠶᠠᠨ  ᠡᠪᠭᠡᠭᠰᠡᠨ ᠪᠤᠯ ᠳ᠋ᠠ︖ ᠦᠡᠭᠭᠡᠷᠡᠭᠰᠡᠨ ᠳᠤ ᠡᠵᠢ ᠶᠢ ᠮᠢᠨᠢ ᠬᠡᠤᠭᠡᠳ  ᠢᠶᠠᠨ ᠦᠰᠭᠡᠴᠢᠬᠡᠯ᠎ᠡ︕ ᠬᠡᠵᠦ ᠬᠡᠯᠡᠳᠡᠭ  ᠪᠠᠶᠢᠬᠰᠠᠨ  ᠪᠤᠯ  ᠣᠳᠣ  ᠬᠠᠷᠢᠨ ᠬᠤᠶᠠᠷ ᠣᠮᠪᠤᠯ ᠢᠶᠠᠨ ᠦᠰᠭᠡᠴᠢᠬᠡᠯ᠎ᠡ ︕ ᠪᠦᠷ ᠯᠡ ᠠᠩᠬ᠎ᠠ ᠲᠤᠮᠳᠠᠳᠣ᠂ ᠲᠡᠭᠡᠳᠣ ᠲᠤᠮᠳᠠᠳᠣ   ᠳᠤ  ᠶᠠᠪᠤᠬᠤ  ᠪᠤᠯᠴᠢᠬᠠᠯ᠎ᠠ︕ ᠬᠡᠵᠦ ᠬᠡᠯᠡᠬᠦ ᠪᠤᠯᠪᠠ᠃ ᠡᠳᠣᠷ ᠬᠤᠨᠤᠭ ᠦᠡᠭᠭᠡᠷᠡᠭᠦ ᠲᠤᠳᠣᠮ ᠦᠳᠡᠯᠥᠭᠡ ᠡᠵᠢ ᠶᠢᠨ ᠮᠢᠨᠢ ᠦᠷᠴᠢᠯᠡᠭᠡᠰᠣ ᠨᠡᠮᠡᠭᠳᠡᠭᠰᠡᠭᠡᠷ ᠪᠤᠯᠪᠠᠴᠦ᠂ ᠦᠷᠦᠴᠡᠨ ᠤ ᠬᠠᠶᠢᠷ᠎ᠠ ᠶᠢ ᠨᠢ ᠬᠦᠷᠳᠡᠭᠰᠡᠭᠡᠷ ᠦᠷ᠎ᠠ ᠠᠴᠢᠨᠠᠷ ᠨᠢ ᠦᠰᠣᠨ ᠪᠤᠶᠢᠵᠢᠬᠤ ᠶᠢ ᠬᠠᠷᠠᠭᠠᠳ ᠰᠡᠳᠬᠢᠯ ᠪᠠᠶᠠᠰᠴᠦ ᠯᠡ ᠪᠠᠶᠢᠳᠠᠭ᠃               《ᠡᠵᠢ ᠬᠦᠮᠤᠨ ᠤ ᠠᠴᠢ ᠶᠢ ᠦᠷ᠎ᠠ ᠬᠡᠤᠭᠡᠳ ᠪᠤᠯᠤᠬᠰᠠᠳ ᠬᠡᠵᠢᠶᠡᠳᠡ ᠯᠡ ᠬᠠᠷᠢᠭᠤᠯᠵᠦ ᠲᠡᠶᠢᠯᠬᠦ  ᠦᠬᠡᠢ》ᠭᠡᠳᠡᠭ ᠦᠨᠡᠨ᠃ ᠬᠦᠳᠡᠭᠡ ᠨᠣᠳᠤᠭ ᠤᠨ ᠡᠭᠡᠯ ᠮᠠᠯᠴᠢᠨ ᠡᠵᠢ ᠴᠦ ᠪᠤᠯᠤᠭ᠂ ᠬᠦᠭᠵᠢᠭᠰᠡᠨ ᠬᠤᠳᠠ ᠶᠢᠨ ᠡᠷᠬᠢᠮ ᠡᠵᠢ ᠴᠦ  ᠪᠤᠯᠤᠭ᠂ ᠦᠷ᠎ᠡ ᠳᠡᠭᠡᠨ ᠭᠡᠰᠡᠨ ᠰᠡᠳᠬᠢᠯ ᠨᠢ ᠡᠭᠡᠭᠡ ᠠᠳᠠᠯᠢᠬᠠᠨ ᠪᠢᠵᠡ︖ ᠡᠵᠢ ᠮᠢᠨᠢ ᠦᠡᠭᠭᠡᠷᠡᠭᠰᠡᠨ ᠳᠤ ᠵᠦᠪᠭᠡᠨ ᠬᠡᠤᠭᠡᠳ ᠤᠨ ᠢᠶᠠᠨ ᠲᠦᠯᠥᠭᠡ ᠵᠤᠪᠠᠳᠠᠭ᠂ᠠᠶᠢᠯ ᠭᠡᠷ ᠪᠤᠯᠤᠬᠰᠠᠨ ᠬᠤᠶᠢᠨ᠎ᠡ ᠬᠦᠥ ᠪᠡᠷᠢ ᠬᠤᠶᠠᠭᠤᠯᠠ ᠶᠢᠨ ᠲᠦᠯᠥᠬᠡ  ᠰᠠᠨᠠᠭᠠᠰᠢᠷᠠᠨ᠎ᠠ᠃ ᠣᠮᠪᠤᠯ   ᠲᠠᠢ  ᠪᠤᠯᠤᠬᠰᠠᠨ ᠬᠤᠶᠢᠨ᠎ᠡ ᠭᠡᠳᠣᠨ ᠦᠶ᠎ᠡ ᠪᠠᠷ  ᠨᠢ ᠰᠠᠨᠠᠭᠠᠳ᠂ᠰᠡᠳᠬᠢᠯ ᠳᠡᠭᠡᠨ ᠰᠠᠶᠢᠨ ᠰᠠᠶᠢᠬᠠᠨ ᠶᠠᠪᠤᠬᠤ ᠶᠢ ᠨᠢ ᠵᠠᠯᠪᠢᠷᠠᠵᠦ᠂ ᠴᠠᠭ ᠢᠮᠠᠬᠳᠠ ᠭᠡᠤᠭᠡᠳ ᠠᠴᠢᠨᠠᠷ  ᠨᠢ ᠪᠡᠶ᠎ᠡ ᠰᠡᠳᠬᠢᠯ ᠲᠠᠢ ᠨᠢ ᠲᠠᠳᠠᠯᠳᠣᠵᠦ ᠯᠡ ᠪᠠᠶᠢᠳᠠᠭ᠃ ᠡᠶᠢᠮᠤ ᠠᠴᠠ ᠠᠮᠢᠳᠣ ᠪᠤᠷᠬᠠᠨ ᠡᠵᠢ ᠬᠦᠮᠤᠨ᠂ ᠡᠨᠡᠷᠢᠯ  ᠤᠨ  ᠲᠡᠭᠷᠢ ᠡᠵᠢ ᠬᠦᠮᠤᠨ ᠬᠡᠵᠦ ᠭᠡᠯᠡᠳᠡᠭ ᠪᠢᠰᠢᠦ︕ ᠡᠵᠢ ᠮᠢᠨᠢ ᠣᠷᠳᠣ ᠨᠠᠰᠣᠯᠠᠵᠦ ᠣᠳᠠᠭᠠᠨ ᠵᠢᠷᠭᠠᠭᠠᠷᠠᠢ︕  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号