| ᠲᠤᠭᠴᠢ ᠯᠤᠪᠰᠠᠩ | | | ᠨᠠᠷᠠᠰᠤ ᠮᠠᠶᠢᠯᠠᠰᠤ ᠰᠢᠭ᠋ ᠮᠦᠩᠬᠡ | ᠨᠠᠷᠠ ᠰᠠᠷ᠎ᠡ ᠰᠢᠭ᠋ ᠮᠦᠩᠬᠡ | ᠮᠦᠩᠬᠡ ᠶᠢᠨ ᠬᠦᠰᠡᠯ ᠰᠠᠶᠢᠬᠠᠨ ᠳ᠋ᠠ | ᠡᠪᠡᠳᠴᠢᠨ ᠦᠬᠡᠢ ᠡᠷᠡᠬᠦᠯ ᠵᠢᠷᠭᠠᠯ | ᠡᠰᠡᠨ ᠮᠡᠨᠳᠤ ᠠᠮᠢᠳᠤ ᠶᠢᠨ ᠵᠢᠷᠭᠠᠯ | ᠵᠢᠷᠭᠠᠯ ᠤᠨ ᠬᠦᠰᠡᠯ ᠰᠠᠶᠢᠬᠠᠨ ᠳ᠋ᠠ | ᠭᠠᠯ ᠤᠨ ᠴᠤᠭ ᠮᠡᠳᠤ ᠦᠷ᠎ᠡ | ᠭᠤᠯᠤᠮᠳᠠ ᠶᠢᠨ ᠴᠢᠯᠠᠭᠤ ᠮᠡᠳᠦ ᠦᠷ᠎ᠡ | ᠭᠠᠵᠠᠷ ᠤᠨ ᠦᠨᠳᠦᠰᠦ ᠮᠡᠳᠤ ᠦᠷ᠎ᠡ | ᠦᠷ᠎ᠡ ᠶᠢᠨ ᠬᠦᠰᠡᠯ ᠰᠠᠶᠢᠬᠠᠨ ᠳ᠋ᠠ | ᠰᠤᠳᠤᠷ ᠨᠤᠮ ᠠᠴᠠ ᠬᠤᠷᠠᠮᠳᠤᠭᠤᠯᠤᠭᠰᠠᠨ ᠡᠷᠳᠡᠮ | ᠰᠤᠳᠤᠯᠤᠯ ᠰᠢᠨᠵᠢᠯᠡᠬᠡᠨ ᠢᠶᠠᠷ ᠡᠬᠦᠳᠦᠭᠰᠡᠨ ᠡᠷᠳᠡᠮ | ᠰᠤᠳᠤᠨ ᠤᠬᠠᠭᠠᠨ ᠢᠶᠠᠷ ᠢᠶᠠᠨ ᠤᠷᠠᠯᠠᠭᠰᠠᠨ ᠡᠷᠳᠡᠮ | ᠡᠷᠳᠡᠮ ᠤᠨ ᠬᠦᠰᠡᠯ ᠰᠠᠶᠢᠬᠠᠨ ᠳ᠋ᠠ | ᠰᠠᠨᠠᠭ᠎ᠠ ᠰᠡᠳᠬᠢᠯ ᠳᠤᠩᠭᠠᠯᠠᠭ ᠡᠷᠡᠬᠦᠯ | ᠤᠶᠤᠨ ᠪᠤᠳᠤᠯ ᠰᠠᠷᠠᠭᠤᠯ ᠡᠷᠡᠬᠦᠯ | ᠢᠳᠡᠬᠡᠯ ᠬᠠᠶᠢᠷ᠎ᠠ ᠪᠦᠳᠦᠨ ᠡᠷᠡᠬᠦᠯ | ᠡᠷᠡᠬᠦᠯ ᠤᠨ ᠬᠦᠰᠡᠯ ᠰᠠᠶᠢᠬᠠᠨ ᠳ᠋ᠠ | ᠦᠨᠦᠴᠢᠨ ᠦᠷᠦᠬᠡᠰᠤᠨ ᠢ ᠳᠠᠷᠤᠯᠠᠬᠤ ᠦᠬᠡᠢ | ᠦᠬᠡᠬᠦᠤ ᠶᠠᠳᠠᠭᠤ ᠶᠢ ᠵᠢᠭᠰᠢᠬᠦ ᠦᠬᠡᠢ | ᠦᠨᠳᠦᠷ ᠨᠠᠰᠤᠳᠠᠨ ᠢ ᠠᠳᠠᠯᠠᠬᠤ ᠦᠬᠡᠢ | ᠡᠨᠡᠷᠢᠯ ᠤᠨ ᠬᠦᠰᠡᠯ ᠰᠠᠶᠢᠬᠠᠨ ᠳ᠋ᠠ | ᠲᠦᠷᠦᠯ ᠰᠠᠳᠤᠨ ᠢᠶᠠᠷ ᠢᠶᠠᠨ ᠡᠪ ᠨᠠᠶᠢᠷᠳᠠᠢ | ᠲᠦᠷᠦ ᠬᠦᠷᠦᠨ ᠢᠶᠠᠷ ᠢᠶᠠᠨ ᠡᠶ᠎ᠡ ᠵᠤᠬᠢᠴᠠᠯ ᠲᠠᠢ | ᠳᠡᠭᠷᠢ ᠭᠠᠵᠠᠷ ᠲᠦᠮᠡᠨ ᠠᠮᠤᠭᠤᠯᠠᠩ | ᠡᠶ᠎ᠡ ᠡᠪ ᠤᠨ ᠬᠦᠰᠡᠯ ᠰᠠᠶᠢᠬᠠᠨ ᠳ᠋ᠠ | ᠠᠭᠤᠳᠠᠮ ᠴᠡᠬᠡᠵᠢ ᠦᠷᠬᠡᠨ ᠪᠤᠶᠠᠨ | ᠠᠯᠳᠠ ᠮᠦᠩᠬᠦ ᠡᠯᠪᠡᠭ ᠪᠤᠶᠠᠨ | ᠪᠤᠶᠠᠨ ᠤ ᠬᠦᠰᠡᠯ ᠰᠠᠶᠢᠬᠠᠨ ᠳ᠋ᠠ | ᠬᠦᠨᠵᠢᠯᠡ ᠲᠦᠬᠦᠷᠡᠩ ᠠᠴᠢ ᠲᠠᠢ ᠪᠠᠶᠠᠨ | ᠬᠦᠮᠦᠷᠬᠡ ᠲᠦᠬᠦᠷᠡᠩ ᠨᠤᠮ ᠲᠠᠢ ᠪᠠᠶᠠᠨ | ᠬᠦᠳᠡᠭᠡ ᠲᠦᠬᠦᠷᠡᠩ ᠮᠠᠯ ᠲᠠᠢ ᠪᠠᠶᠠᠨ | ᠪᠠᠶᠠᠨ ᠤ ᠬᠦᠰᠡᠯ ᠰᠠᠶᠢᠬᠠᠨ ᠳ᠋ᠠ᠃ |