ᠬᠦᠭᠡᠷᠦᠬᠦᠢ
ᠨᠡᠶᠢᠲᠡᠯᠡᠭᠰᠡᠨ ᠴᠠᠭ᠄
2016/4/6
                                             ᠲᠡᠮᠦᠷᠪᠠᠭᠠᠨ᠎ᠠ   ᠬᠤᠶᠢᠴᠢᠰ ᠤᠮᠪᠤᠯᠤ ᠨᠢ ᠠᠩᠬ᠎ᠠ ᠰᠤᠷᠭᠠᠭᠤᠯᠢ ᠳᠤ ᠤᠷᠤᠬᠤ ᠳᠤ         ᠬᠤᠲᠠ ᠵᠡᠭᠡᠯᠢ ᠳᠤ ᠲᠠᠭᠠᠯᠲᠦᠨ ᠢᠷᠡᠭᠰᠡᠨ ᠭᠦᠭᠰᠢᠳ ᠡᠪᠤᠭᠡᠳ         ᠬᠤᠶᠠᠭᠤᠯᠠ ᠭᠤᠷᠪᠠᠭᠤᠯᠠ ᠨᠡᠶᠢᠯᠡᠵᠦ ᠵᠤᠭᠤᠭ ᠲᠠᠭᠠᠷᠠᠭᠰᠠᠨ ᠴᠤ       ᠬᠤᠵᠢᠮ ᠢ ᠰᠠᠨᠠᠭᠠᠰᠢᠷᠠᠵᠦ ᠬᠠᠨᠭ᠍ᠭᠢᠨᠠᠲᠠᠯ᠎ᠠ ᠰᠡᠭᠦᠷᠡᠰᠦᠯᠡᠬᠦ ᠨᠢ ᠬᠦᠭᠡᠷᠦᠬᠦᠢ︕     ᠬᠤᠰᠢᠭᠤ ᠪᠠᠯᠭᠠᠰᠤ ᠳᠤ ᠰᠢᠬᠠᠯᠴᠠᠭᠤᠯᠤᠭᠰᠠᠨ ᠬᠡᠤᠭᠡᠳ ᠲᠤ ᠪᠠᠨ           ᠬᠤᠪᠤᠷᠲᠠᠵᠦ ᠬᠤᠴᠤᠷᠤᠭᠰᠠᠨ ᠮᠤᠩᠭᠤᠯ ᠰᠤᠶᠤᠯ ᠢᠶᠠᠨ ᠮᠡᠲᠡᠭᠦᠯᠬᠦ ᠭᠡᠵᠦ           ᠬᠤᠪᠢ ᠪᠠᠨ ᠮᠠᠷᠲᠠᠵᠦ ᠰᠡᠳᠭᠢᠯ ᠲᠠᠮᠢᠷ ᠴᠢᠯᠡᠭᠡᠭᠰᠡᠨ         ᠬᠤᠯᠠᠴᠠ ᠪᠤᠲᠤᠯ ᠲᠠᠢ ᠪᠠᠭᠰᠢ ᠨᠠᠷ ᠤᠨ ᠴᠢᠷᠮᠠᠶᠢᠯᠭ᠎ᠠ ᠬᠦᠭᠡᠷᠦᠬᠦᠢ︕       ᠲᠠᠩᠰᠤᠭ ᠲᠠᠯ᠎ᠠ ᠲᠠᠪᠤᠨ ᠬᠤᠰᠢᠭᠤ ᠲᠠᠢ ᠨᠡᠭᠦᠲᠡᠯ ᠮᠠᠯᠵᠢᠯ         ᠲᠠᠷᠠᠭ ᠠᠶᠢᠷᠠᠭ ᠲᠠᠨᠠᠨ ᠴᠠᠭᠠᠨ ᠭᠡᠷ ᠲᠠᠢ ᠮᠤᠩᠭᠤᠯ ᠠᠮᠢᠲᠤᠷᠠᠯ       ᠲᠠᠬᠢᠯᠲᠦ ᠤᠪᠤᠭ᠎ᠠ ᠰᠦᠵᠢᠭᠲᠦ ᠬᠠᠶᠢᠷᠬᠠᠨ ᠲᠠᠢ ᠤᠯᠠᠮᠵᠢᠯᠠᠯᠲᠦ ᠵᠠᠩᠰᠢᠯ     ᠲᠠᠶᠠᠭᠲᠠᠯ ᠤᠨ ᠠᠶᠤᠯ ᠳᠤ ᠲᠤᠯᠭᠠᠷᠠᠬᠤ ᠨᠢ ᠰᠡᠳᠭᠢᠭᠦᠰᠢᠲᠡᠢ ᠬᠦᠭᠡᠷᠦᠬᠦᠢ︕       ᠮᠠᠨᠽᠤᠰᠢᠷᠢ ᠪᠤᠷᠬᠠᠨ ᠪᠤᠷᠬᠠᠨ ᠲᠡᠭᠷᠢ ᠦᠷᠦᠰᠢᠶᠡ ᠭᠡᠵᠦ         ᠮᠠᠯ ᠰᠦᠷᠦᠭ ᠤᠨ ᠭᠠᠷᠤᠯᠲᠠ ᠤᠷᠤᠯᠭ᠎ᠠ ᠳᠤ ᠪᠠᠨ ᠭᠠᠴᠢᠭᠲᠠᠵᠦ         ᠮᠠᠯᠠᠭᠠᠢ ᠨᠢ ᠴᠤ ᠲᠠᠷᠤᠭᠠᠰᠤ ᠬᠦᠨᠲᠦ ᠰᠠᠨᠠᠭᠲᠠᠭᠰᠠᠨ         ᠮᠠᠨᠢ ᠲᠤᠭᠠᠯᠠᠮᠠᠷ ᠪᠤᠯᠤᠭᠰᠠᠨ ᠮᠠᠯᠴᠢᠳ ᠮᠢᠨᠢ ᠦᠨᠡᠭᠡᠷ ᠭᠦᠭᠡᠷᠦᠬᠦᠢ︕       ᠨᠠᠢᠮᠠᠨ ᠵᠦᠭ ᠲᠤ ᠠᠯᠲᠠᠷ ᠨᠢ ᠲᠠᠭᠤᠷᠢᠰᠤᠭᠰᠠᠨ ᠵᠠᠩᠭᠢᠶᠠᠲᠦ ᠬᠡᠶᠢᠮᠤᠷᠢ     ᠨᠠᠭᠠᠲᠤᠮᠴᠢᠳ ᠢᠶᠠᠨ ᠤᠤᠬᠠᠶᠢᠯᠠᠭᠤᠯᠤᠭᠰᠠᠨ ᠨᠠᠶᠢᠷ ᠤᠨ ᠴᠢᠮᠡᠭ ᠴᠤ         ᠨᠠᠷᠬᠢᠶ᠎ᠠ ᠵᠤᠭᠤᠭ ᠤᠨ ᠢᠲᠡ ᠪᠤᠯᠵᠦ ᠬᠢᠯᠢᠰᠲᠡᠨ ᠵᠢᠮᠡᠯᠡᠭᠲᠡᠲᠡᠭ         ᠨᠠᠴᠢᠨ ᠠᠪᠤᠷᠭᠤ ᠪᠦᠭᠡᠴᠢᠳ ᠮᠢᠨᠢ ᠶᠠᠲᠠᠷᠠᠯᠲᠠᠢ ᠬᠦᠭᠡᠷᠦᠬᠦᠢ︕       ᠤᠨᠴᠠ ᠶᠢᠨ ᠰᠡᠷᠡᠮᠵᠢ ᠪᠠᠷ ᠵᠤᠭᠰᠤᠭ᠎ᠠ ᠤᠨᠲᠠᠲᠠᠭ         ᠤᠡᠭᠭᠤᠨ ᠲᠡᠯ ᠲᠠᠢ ᠬᠤᠷᠲᠦ ᠬᠦᠶᠦᠲᠡᠯᠲᠦ ᠮᠤᠷᠢ           ᠤᠯᠵᠠ ᠵᠤᠭᠤᠰ ᠤᠨ ᠰᠢᠨᠤᠯ ᠠᠷᠠᠯᠵᠢᠶ᠎ᠠ ᠳᠤ     ᠤᠮᠤᠭ ᠨᠢ ᠠᠷᠢᠯᠵᠦ ᠨᠤᠮᠤᠬᠠᠨ ᠪᠤᠯᠤᠭᠰᠠᠨ ᠨᠢ ᠬᠦᠭᠡᠷᠦᠬᠦᠢ︕     ᠤᠶᠢᠷ᠎ᠠ ᠬᠤᠯᠠ ᠶᠢᠨ ᠵᠠᠮ ᠤᠨ ᠬᠦᠮᠦᠨ ᠳᠤ ᠴᠤ ᠪᠠᠭᠤᠲᠠᠭ         ᠤᠯᠠᠰᠢᠷᠠᠭᠠᠳ ᠪᠠᠶᠢᠲᠠᠭ ᠵᠦᠢᠯ ᠪᠦᠷᠢ ᠶᠢᠨ ᠵᠠᠯᠠᠯᠭ᠎ᠠ ᠳᠤ       ᠤᠨᠲᠤᠭᠤᠴᠠᠬᠤ ᠪᠤᠯᠪᠠᠴᠤ ᠠᠷᠭ᠎ᠠ ᠦᠭᠡᠢ ᠪᠡᠯᠡᠭ ᠢᠶᠠᠨ ᠦᠭᠲᠡᠭ       ᠤᠷᠢᠯᠭ᠎ᠠ ᠲᠤᠰᠤᠭᠴᠢ ᠶᠢᠨ ᠵᠢᠷᠦᠭᠡ ᠪᠠᠴᠢᠮᠲᠠᠭᠤ ᠬᠦᠭᠡᠷᠦᠬᠦᠢ       ᠵᠦᠰᠦᠵᠦ ᠮᠤᠰᠬᠢᠭᠰᠠᠨ ᠴᠢᠲᠦᠷ ᠤᠨ ᠡᠷᠴᠢᠮ ᠴᠢᠩᠭᠠᠷᠠᠬᠤ ᠳᠤ       ᠵᠦᠭᠡᠯᠡᠯᠡᠭᠰᠡᠨ ᠲᠤᠰᠤ ᠨᠢ ᠪᠢᠯᠠᠷᠠᠨ ᠰᠢᠬᠠᠭᠲᠠᠬᠤ ᠰᠢᠭ᠋         ᠵᠦᠴᠦᠭᠡ ᠶᠢᠨ ᠲᠠᠶᠢᠵᠠᠨ ᠤ ᠡᠷᠬᠡ ᠶᠠᠩᠪᠠᠲᠠᠳ           ᠵᠦᠷᠢᠴᠡᠯᠲᠦ ᠤᠬᠠᠭ᠎ᠠ ᠪᠠᠷ ᠴᠠᠭ ᠨᠦᠭᠴᠢᠭᠡᠬᠦ ᠨᠢ ᠬᠦᠭᠡᠷᠦᠬᠦᠢ︕   ᠭᠡᠶᠢᠰᠪᠦᠷᠢᠯᠡᠵᠦ ᠲᠦᠰᠦᠭᠡᠯᠡᠵᠦ ᠬᠡᠯᠬᠢᠵᠦ ᠨᠡᠶᠢᠯᠡᠭᠦᠯᠵᠦ ᠪᠠᠶᠢᠭᠠᠳ       ᠭᠡᠲᠦᠨ ᠶᠠᠭᠤᠮ᠎ᠠ ᠵᠤᠯ ᠢᠶᠠᠷ ᠪᠦᠲᠦᠭᠡᠭᠰᠡᠨ ᠢᠶᠠᠨ         ᠭᠡᠮᠵᠢᠶ᠎ᠠ ᠦᠭᠡᠢ ᠪᠠᠷᠲᠠᠮᠨᠠᠵᠦ ᠭᠡᠴᠡᠭᠦᠤ ᠮᠡᠲᠡᠮᠡᠭᠡᠶᠢᠷᠡᠲᠡᠭ         ᠬᠡᠷᠰᠡᠤ ᠲᠤᠮᠤᠭ᠎ᠠ ᠦᠭᠡᠢ ᠠᠭᠠᠯᠢᠲᠠᠨ ᠲᠡᠩᠲᠡᠭᠦᠤ ᠬᠦᠭᠡᠷᠦᠬᠦᠢ︕     ᠦᠷᠦᠭᠡᠯ ᠪᠤᠰᠤᠳ ᠤᠨ ᠬᠠᠭᠤᠷᠮᠠᠭ ᠨᠢᠭᠤᠷ ᠢ ᠡᠰᠡ ᠠᠵᠢᠨ         ᠦᠯᠢᠭᠡᠷ ᠦᠨᠡᠨ ᠤ ᠢᠯᠭᠠᠭ᠎ᠠ ᠶᠢ ᠦᠯᠦ ᠤᠶᠢᠰᠢᠶᠠᠵᠦ         ᠦᠷᠯᠦᠭᠡ ᠦᠲᠠᠰᠢ ᠦᠭᠡᠢ ᠦᠨᠲᠡᠭᠡ ᠦᠭᠡᠯᠡᠵᠦ         ᠦᠪᠡᠷ ᠵᠠᠭᠤᠷ᠎ᠠ ᠪᠠᠨ ᠲᠡᠮᠡᠶᠢᠷᠡᠬᠦ ᠨᠢ ᠨᠢᠯᠭ᠎ᠠ ᠬᠦᠭᠡᠷᠦᠬᠦᠢ︕     ᠪᠤᠰᠤᠭ᠎ᠠ ᠦᠰᠦᠭ ᠢᠶᠠᠨ ᠲᠦᠷᠢᠮᠵᠢᠭᠦᠯᠦᠨ᠎ᠡ ᠭᠡᠵᠦ         ᠪᠤᠲᠠᠲᠠᠶᠢᠵᠢᠭᠤᠯᠤᠯ ᠦᠭᠡᠢ ᠬᠠᠰᠭᠢᠷᠦᠭᠠᠳ ᠤᠲᠠᠯ᠎ᠠ         ᠪᠤᠯᠬᠤ ᠪᠤᠯᠬᠤ ᠦᠭᠡᠢ ᠲᠤᠯᠢ ᠪᠢᠴᠢᠭ ᠲᠤ         ᠪᠤᠯᠪᠠᠰᠤᠨ ᠦᠰᠦᠭ ᠮᠢᠨᠢ ᠬᠤᠪᠢᠷᠠᠭᠠᠳ ᠪᠠᠶᠢᠬᠤ ᠨᠢ ᠬᠦᠭᠡᠷᠦᠬᠦᠢ︕     ᠰᠢᠨᠵᠢᠯᠡᠬᠦ ᠡᠷᠡᠨ ᠤ ᠤᠷᠤᠰᠬᠠᠯ ᠪᠤᠯᠤᠭᠰᠠᠨ ᠸᠢᠴᠠᠲ ᠢᠶᠠᠷ           ᠰᠢᠨ᠎ᠡ ᠰᠢᠨ᠎ᠡ ᠴᠤᠭᠯᠠᠷᠠᠯ ᠬᠤᠯᠪᠤᠭ᠎ᠠ ᠨᠡᠮᠡᠭᠲᠡᠬᠦ ᠳᠤ         ᠰᠢᠯᠡᠭᠡᠪᠤᠷ ᠮᠡᠷᠭᠡᠳ ᠰᠢᠮ᠎ᠡ ᠦᠭᠡᠢ ᠬᠤᠯᠤᠰᠤ ᠤᠷᠤᠩᠨᠠᠵᠦ       ᠰᠢᠪᠰᠢᠭ ᠪᠤᠯᠵᠦ ᠰᠢᠷᠠᠯᠠᠬᠤ ᠨᠢ ᠢᠨᠢᠶᠡᠮᠡᠷ ᠬᠦᠭᠡᠷᠦᠬᠦᠢ︕         ᠁᠁᠁  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号