ᠰᠠᠭᠠᠯᠢ ᠶᠢᠨ ᠠᠷᠢᠬᠢ ᠨᠠᠷᠠᠬᠦ ᠠᠷᠭ᠎ᠠ
ᠨᠡᠶᠢᠲᠡᠯᠡᠭᠰᠡᠨ ᠴᠠᠭ᠄
2016/4/6
     ᠰᠠᠭᠠᠯᠢ ᠶᠢᠨ ᠠᠷᠢᠬᠢ ᠨᠡᠷᠡᠬᠦ ᠳᠤ ᠬᠤᠩᠭᠤᠨ ᠲᠤᠭᠤᠭ᠎ᠠ᠂ ᠵᠢᠯᠡᠪᠴᠢᠨ ᠲᠤᠭᠤᠭ᠎ᠠ᠂ ᠪᠦᠷᠬᠦᠭᠡᠷ᠂ ᠸᠠᠭᠠᠷ  ᠰᠠᠪᠠ  ᠵᠡᠷᠭᠡ ᠰᠠᠪᠠ ᠭᠡᠷᠡᠭᠰᠡᠯ ᠤᠷᠤᠳᠠᠭ᠃ ᠬᠤᠩᠬᠤᠨ ᠲᠤᠭᠤᠭ᠎ᠠ ᠬᠡᠳᠡᠭ ᠨᠢ ᠠᠷᠠᠳ ᠤᠨ ᠶᠠᠷᠢᠳᠠᠭ ᠲᠤᠯᠤᠭ᠎ᠠ ᠠᠴᠠ  ᠨᠠᠢᠮᠠᠨ  ᠲᠠᠮᠠᠭ᠎ᠠ ᠲᠠᠢ ᠲᠤᠮᠤ ᠰᠢᠷᠡᠮᠤᠨ ᠲᠤᠭᠤᠭ᠎ᠠ ᠶᠢ ᠬᠡᠯᠡᠵᠤ ᠪᠤᠢ᠃ ᠲᠡᠮᠤᠷ ᠲᠤᠭᠤᠭᠠᠨ ᠳᠤ ᠠᠷᠢᠬᠢ ᠨᠡᠷᠡᠪᠡᠯ ᠴᠠᠭ᠎ᠠ   ᠨᠢ  ᠵᠢᠪᠠᠷᠡᠵᠤ ᠬᠦᠭᠡᠷᠡᠭᠡᠳ᠂ ᠠᠭᠠᠷᠴᠡ ᠨᠢ ᠵᠢᠪᠠ ᠶᠢᠨ ᠠᠮᠳᠠ ᠲᠠᠢ ᠪᠤᠯᠳᠠᠭ᠃ ᠪᠦᠷᠬᠦᠭᠡᠷ ᠨᠢ ᠬᠠᠶᠢᠯᠠᠰᠤᠨ ᠮᠤᠳᠤᠨ   ᠬᠠᠪᠳᠠᠰᠦ ᠪᠠᠷ ᠬᠢᠭᠰᠡᠨ ᠭᠤᠷᠪᠠᠨ ᠲᠡᠮᠤᠷ ᠪᠦᠰᠡᠯᠡᠬᠦᠷ ᠲᠠᠢ᠂ ᠬᠤᠶᠠᠷ ᠲᠤᠬᠤᠢ ᠢᠯᠡᠬᠦᠦ ᠦᠨᠳᠦᠷ᠂ ᠢᠷᠦᠭᠠᠷ   ᠬᠠᠪᠬᠠᠭᠠᠰᠦ ᠦᠭᠡᠢ᠂ ᠲᠡᠭᠡᠳᠦ ᠲᠠᠯ᠎ᠠ ᠦᠭᠡᠳᠠ ᠪᠠᠨ ᠱᠤᠪᠤᠭᠤᠷᠳᠠᠭᠤ ᠬᠡᠯᠪᠡᠷᠢ ᠶᠢᠨ ᠲᠦᠩᠰᠡ ᠪᠠᠶᠢᠵᠤ᠂ ᠪᠦᠳᠦᠬᠦᠨ   ᠪᠠᠭ᠎ᠠ ᠶᠢ ᠨᠢ ᠬᠤᠩᠬᠤᠨ ᠲᠤᠭᠤᠭ᠎ᠠ ᠲᠠᠢ ᠪᠠᠨ ᠲᠡᠩᠴᠡᠬᠦᠯᠦᠨ ᠬᠢᠵᠤ᠂ ᠢᠷᠦᠭᠠᠷ ᠨᠢ ᠵᠠᠪᠠᠯ ᠲᠤᠭᠤᠭᠠᠨ ᠳᠠᠭᠠᠨ ᠲᠦᠭᠡ   ᠪᠤᠶᠤ ᠰᠦᠬᠦᠮ ᠬᠢᠷᠢᠳᠠᠢ ᠰᠠᠭᠤᠭᠰᠠᠨ ᠪᠠᠶᠢᠳᠠᠭ᠃   ᠠᠷᠢᠬᠢ ᠨᠡᠷᠡᠬᠦ ᠳᠡᠭᠡᠨ ᠤᠷᠢᠳᠠᠪᠡᠷ ᠪᠦᠷᠬᠦᠭᠡᠷ ᠢᠶᠠᠨ ᠲᠤᠭᠤᠭᠠᠨ ᠳᠤ   ᠰᠠᠭᠤᠯᠭᠠᠵᠤ ᠢᠰᠦᠭᠰᠡᠨ ᠠᠶᠢᠷᠠᠭ ᠢᠶᠠᠨ ᠲᠤᠭᠤᠭ᠎ᠠ ᠲᠦᠬᠦᠷᠳᠡᠯ᠎ᠠ ᠬᠢᠵᠤ᠂ ᠪᠦᠷᠬᠦᠭᠡᠷ ᠤᠨ ᠢᠷᠦᠭᠠᠷ ᠢ ᠲᠠᠪᠠᠭᠤᠯᠤᠨ᠎ᠡ᠃   ᠠᠶᠢᠷᠠᠭ ᠤᠳᠬᠤᠬᠤ ᠳᠠᠭᠠᠨ ᠴᠠᠶᠢᠷ ᠪᠤᠶᠤ ᠭᠠᠤᠯᠢᠨ ᠰᠢᠨᠠᠭ᠎ᠠ ᠵᠠᠷᠤᠵᠤ᠂ ᠲᠡᠮᠤᠷ ᠰᠢᠨᠠᠭ᠎ᠠ ᠵᠠᠷᠤᠬᠤ ᠦᠭᠡᠢ ᠪᠤᠯ ᠵᠤᠬᠢᠨ᠎ᠡ᠃ ᠠᠶᠢᠷᠠᠭ ᠢᠶᠠᠨ ᠬᠢᠭᠰᠡᠨ ᠤ ᠲᠠᠷᠠᠭ᠎ᠠ ᠬᠢᠯᠭᠠᠰᠤᠨ ᠤᠭᠤᠰᠤᠷ ᠲᠠᠢ ᠬᠤᠭᠤᠰᠤᠨ ᠸᠠᠭᠠᠷ ᠢ ᠪᠦᠷᠬᠦᠭᠡᠷ ᠤᠨ ᠠᠮᠠᠰᠠᠷ   ᠲᠠᠬᠢ  ᠬᠤᠶᠠᠷ ᠴᠢᠬᠢ ᠠᠴᠠ ᠲᠡᠬᠦᠵᠢᠯᠡᠵᠤ᠂ ᠵᠢᠯᠠᠪᠴᠢᠨ ᠲᠤᠭᠤᠭ᠎ᠠ ᠪᠠᠨ ᠪᠦᠷᠬᠦᠭᠡᠷ ᠤᠨ ᠠᠮᠠᠰᠠᠷ ᠲᠤ ᠰᠠᠭᠤᠯᠭᠠᠨ  ᠲᠤᠳᠤᠷ᠎ᠠ   ᠨᠢ ᠬᠦᠢᠳᠠᠨ ᠤᠰᠤ ᠬᠢᠵᠤ ᠲᠠᠯᠪᠢᠨ᠎ᠡ᠃ ᠲᠤᠭᠤᠭ᠎ᠠ ᠪᠦᠷᠬᠦᠭᠡᠷ ᠤᠨ ᠵᠠᠪᠰᠠᠷ ᠢᠶᠠᠷ ᠠᠭᠤᠷ ᠰᠠᠪᠰᠠᠬᠤ ᠶᠢ  ᠰᠡᠷᠬᠡᠶᠢᠯᠠᠨ  ᠲᠦᠭᠡ ᠦᠷᠭᠡᠨ ᠴᠡᠪᠡᠷᠭᠡᠨ ᠤᠷᠳᠤ ᠢᠰᠡᠭᠡᠢ ᠪᠠᠷ ᠠᠩ ᠵᠠᠪᠰᠠᠷ ᠦᠭᠡᠢ ᠪᠤᠯᠳᠠᠯ᠎ᠠ ᠤᠷᠢᠶᠠᠵᠤ᠂ ᠨᠠᠷᠢᠨ  ᠬᠢᠯᠭᠠᠰᠤᠨ  ᠲᠡᠭᠡᠰᠦ ᠪᠠᠷ ᠴᠢᠩᠭ᠎ᠠ ᠬᠡᠭᠴᠢ ᠡᠷᠡᠳᠡᠭ᠃ ᠠᠶᠢᠷᠠᠭ ᠤᠨ ᠠᠭᠤᠷ ᠰᠠᠪᠰᠠᠪᠠᠯ᠂ ᠠᠷᠢᠬᠢᠨ ᠤ ᠴᠢᠨᠠᠷ ᠪᠠᠭᠤᠷᠠᠨ᠎ᠡ᠂  ᠠᠷᠢᠬᠢ  ᠨᠡᠷᠡᠬᠦ ᠳᠡᠭᠡᠨ ᠮᠤᠳᠤ ᠪᠤᠷᠭᠠᠰᠦ ᠲᠦᠯᠡᠵᠤ᠂ ᠰᠢᠷᠦᠬᠦᠨ ᠭᠠᠯ ᠢᠶᠠᠷ ᠨᠡᠷᠡᠪᠡᠯ᠂ ᠠᠷᠢᠬᠢᠨ ᠤ ᠢᠳᠠ ᠨᠡᠮᠡᠭᠳᠡᠳᠡᠭ᠃            ᠲᠤᠭᠤᠭᠠᠨ ᠳᠠᠬᠢ ᠠᠶᠢᠷᠠᠭ ᠪᠤᠴᠠᠯᠠᠬᠤ ᠳᠠᠭᠠᠨ ᠬᠠᠯᠠᠭᠤᠨ ᠠᠭᠤᠷ ᠨᠢ ᠵᠢᠯᠠᠪᠴᠢᠨ ᠲᠤᠭᠤᠭᠠᠨ ᠤ ᠬᠦᠢᠳᠡᠨ   ᠢᠷᠦᠭᠠᠷ ᠲᠤ ᠬᠦᠷᠦᠮᠡᠭᠴᠡ ᠤᠰᠤ ᠪᠤᠯᠵᠤ ᠡᠯᠬᠦᠭᠡᠳᠠᠢ ᠸᠠᠭᠠᠷ ᠲᠤ ᠲᠤᠰᠤᠯᠠᠨ ᠤᠷᠤᠳᠠᠭ᠃ ᠡᠨᠡ ᠨᠢ ᠲᠠᠷᠤᠢ  ᠰᠠᠭᠠᠯᠢ   ᠶᠢᠨ ᠠᠷᠢᠬᠢ᠃ ᠵᠢᠯᠠᠪᠴᠢᠨ ᠳᠠᠬᠢ ᠤᠰᠤ ᠬᠠᠯᠠᠬᠤ ᠲᠠᠢ ᠵᠡᠷᠭᠡ ᠠᠭᠤᠳᠠᠯᠠᠨ ᠠᠪᠴᠤ᠂ ᠤᠰᠤ ᠰᠤᠯᠢᠬᠤ ᠬᠡᠷᠡᠭᠳᠠᠢ᠃  ᠢᠩᠬᠢᠵᠤ ᠤᠰᠤ ᠰᠤᠯᠢᠬᠤ ᠶᠢ ᠴᠠᠬᠠᠷ ᠲᠤ ᠬᠡᠳᠦᠨ ᠤᠰᠤ ᠪᠠᠷ ᠠᠪᠤᠭᠰᠠᠨ ᠠᠷᠢᠬᠢ ᠬᠡᠳᠡᠭ᠃ ᠶᠡᠷᠦᠩᠭᠡᠢ ᠳᠡᠭᠡᠨ   ᠭᠤᠷᠪᠠᠨ ᠤᠰᠤ ᠪᠠᠷ ᠠᠪᠤᠭᠰᠠᠨ ᠠᠷᠢᠬᠢ ᠪᠤᠯ ᠢᠳᠠ ᠬᠦᠴᠦ ᠨᠢ ᠲᠤᠬᠢᠷᠠᠮᠵᠢᠳᠠᠢ ᠪᠠᠶᠢᠵᠤ᠂ ᠭᠤᠷᠪᠠᠨ ᠤᠰᠤ ᠠᠴᠠ   ᠬᠡᠳᠦᠷᠡᠬᠦᠯᠪᠠᠯ ᠠᠷᠢᠬᠢ ᠨᠢ ᠰᠤᠯᠠᠬᠠᠨ ᠪᠤᠯᠳᠠᠭ᠃  ᠨᠡᠷᠡᠭᠰᠡᠨ ᠠᠷᠢᠬᠢ ᠪᠠᠨ ᠭᠠᠷᠭᠠᠬᠤ  ᠳᠠᠭᠠᠨ ᠵᠢᠯᠠᠪᠴᠢ ᠪᠠᠨ   ᠠᠪᠤᠮᠠᠭᠴᠠ᠂ ᠲᠠᠷᠤᠶᠢᠬᠠᠨ ᠸᠠᠭᠠᠷ ᠤᠨ ᠲᠠᠭᠯᠠᠭ᠎ᠠ ᠶᠢ ᠲᠠᠷᠤᠭᠠᠳ᠂ ᠰᠠᠶ᠋ᠢ ᠪᠦᠷᠬᠦᠭᠡᠷ ᠤᠨ ᠴᠢᠬᠢᠨ ᠠᠴᠠ ᠡᠯᠬᠦᠭᠰᠡᠨ   ᠤᠭᠤᠰᠤᠷ ᠢ ᠨᠢ ᠮᠤᠯᠳᠤᠯᠤᠨ ᠠᠪᠤᠨ᠎ᠡ᠃ ᠸᠠᠭᠠᠷ ᠤᠨ ᠲᠠᠭᠯᠠᠭ᠎ᠠ ᠨᠢ ᠸᠠᠭᠠᠷ ᠢᠶᠠᠷ ᠬᠢᠭᠰᠡᠨ ᠲᠤᠰᠬᠠᠢ ᠲᠠᠭᠯᠠᠭ᠎ᠠ ᠪᠤᠶᠤ   ᠮᠤᠳᠤᠨ ᠲᠠᠭᠯᠠᠭ᠎ᠠ ᠪᠠᠶᠢᠵᠤ᠂ ᠲᠡᠬᠦᠨ ᠢᠶᠠᠨ ᠰᠢᠨ᠎ᠡ ᠴᠠᠭᠠᠨ ᠪᠦᠰ ᠢᠶᠠᠷ ᠤᠯᠠᠨ ᠲᠠᠪᠬᠤᠷ ᠪᠤᠭᠤᠭᠰᠠᠨ ᠪᠠᠶᠢᠳᠠᠭ᠃   ᠠᠷᠢᠬᠢᠨ ᠤ ᠠᠭᠤᠷ ᠰᠠᠪᠰᠠᠪᠠᠯ ᠠᠮᠳᠠ ᠨᠢ ᠭᠠᠷᠴᠤ ᠢᠳᠠ ᠨᠢ ᠴᠤ ᠪᠠᠭᠤᠷᠠᠨ᠎ᠡ᠃ ᠰᠠᠶᠢᠨ ᠭᠠᠷᠤᠭᠰᠠᠨ ᠠᠷᠢᠬᠢ ᠨᠢ   ᠴᠦᠢᠳᠡᠩ ᠵᠢᠷᠤᠵᠤ᠂ ᠸᠠᠭᠠᠷ ᠤᠨ ᠠᠮᠠᠰᠠᠷ ᠤᠨ ᠠᠭᠤᠷ ᠲᠤ ᠤᠶᠢᠷᠡᠳᠤᠭᠤᠯᠬᠤ ᠲᠠᠢ ᠵᠡᠷᠭᠡ ᠭᠠᠯ ᠠᠪᠤᠯᠴᠠᠨ ᠨᠤᠴᠤᠳᠠᠭ᠃   ᠰᠠᠭᠠᠯᠢ ᠶᠢᠨ ᠠᠷᠢᠬᠢᠨ ᠳᠤ ᠤᠯᠠᠨ ᠵᠦᠢᠯ ᠪᠠᠶᠢᠳᠠᠭ ᠃ ᠲᠦᠷᠦᠬᠦᠦ ᠨᠡᠷᠡᠭᠰᠡᠨ ᠠᠷᠢᠬᠢ ᠪᠠᠨ ᠠᠶᠢᠷᠠᠭ ᠲᠠᠢ ᠲᠤᠭᠤᠭᠠᠨ   ᠳᠠᠭᠠᠨ ᠪᠤᠴᠠᠭᠠᠨ ᠬᠢᠵᠤ ᠨᠡᠷᠡᠭᠰᠡᠨ ᠠᠷᠢᠬᠢ ᠶᠢ ᠬᠠᠷᠢᠭᠤᠯᠠᠭ᠎ᠠ ᠬᠡᠳᠡᠭ᠃ ᠬᠠᠷᠢᠭᠤᠯᠠᠭ᠎ᠠ ᠨᠡᠷᠡᠬᠦ ᠳᠡᠭᠡᠨ ᠨᠢᠭᠡ ᠨᠡᠷᠡᠮᠡᠯ ᠤᠨ   ᠶᠡᠭᠡ ᠬᠠᠭᠠᠰ ᠢ ᠬᠤᠯᠢᠵᠤ ᠬᠢᠪᠠᠯ ᠲᠠᠷᠤᠢ ᠲᠤᠩ ᠶᠡᠭᠡ ᠢᠳᠠ ᠴᠢᠳᠠᠯ ᠲᠠᠢ ᠪᠤᠯᠵᠤ᠂ ᠨᠢᠭᠡ ᠪᠠᠭ᠎ᠠ ᠠᠶᠠᠭ᠎ᠠ   ᠬᠠᠷᠢᠭᠤᠯᠠᠭ᠎ᠠ ᠳᠤ ᠪᠠᠷᠤᠭ ᠤᠨ ᠬᠦᠮᠦᠨ ᠰᠤᠭᠳᠤᠳᠠᠭ ᠪᠢᠯᠠ᠃ ᠬᠠᠷᠢᠭᠤᠯᠠᠭ᠎ᠠ ᠶᠢ ᠠᠶᠢᠷᠠᠭ ᠲᠠᠢ ᠲᠤᠭᠤᠭᠠᠨ ᠳᠠᠭᠠᠨ   ᠪᠤᠴᠠᠭᠠᠨ ᠨᠡᠷᠡᠭᠰᠡᠨ ᠢ ᠠᠷᠠᠵᠠ ᠬᠡᠵᠤ ᠠᠷᠠᠵᠠ ᠶᠢ ᠠᠶᠢᠷᠠᠭ ᠲᠠᠢ ᠲᠤᠭᠤᠭᠠᠨ ᠳᠠᠭᠠᠨ ᠪᠤᠴᠠᠭᠠᠨ ᠨᠠᠷᠡᠭᠰᠡᠨ ᠢ ᠬᠤᠤᠷᠠᠵᠠ   ᠬᠡᠳᠡᠭ᠃ ᠠᠷᠠᠵᠠ ᠬᠤᠤᠷᠠᠵᠠ ᠶᠢ ᠨᠢᠳᠦᠨ ᠬᠤᠨᠳᠠᠭ᠎ᠠ ᠪᠠᠷ ᠨᠢᠭᠡ ᠠᠮᠰᠠᠭᠰᠠᠨ ᠴᠤ ᠬᠡᠴᠡᠬᠦᠦ ᠰᠤᠭᠳᠤᠳᠠᠭ᠃     ᠡᠬᠦᠨ ᠠᠴᠠ ᠭᠠᠳᠠᠨ᠎ᠡ᠂ ᠠᠷᠢᠬᠢ ᠨᠡᠷᠡᠬᠦ ᠦᠶ᠎ᠡ ᠸᠠᠭᠠᠷ ᠲᠠᠭᠠᠨ ᠵᠦᠭᠡᠢ ᠶᠢᠨ ᠪᠠᠯ ᠪᠤᠶᠤ ᠦᠵᠦᠮ᠂ ᠲᠡᠷᠡᠴᠢᠯᠠᠨ ᠵᠡᠷᠯᠢᠭ   ᠤᠯᠠᠭᠠᠨ᠎ᠡ᠂ ᠲᠤᠯᠤᠭᠤᠨ᠎ᠡ ᠬᠢᠪᠠᠯ ᠠᠷᠢᠬᠢ ᠨᠢ ᠡᠯᠳᠡᠪ ᠰᠠᠶᠢᠬᠠᠨ ᠠᠮᠳᠠ ᠪᠦᠷᠢᠳᠴᠤ᠂ ᠰᠢᠮ᠎ᠡ ᠲᠡᠵᠢᠭᠡᠯ   ᠨᠦᠬᠦᠪᠦᠷᠢᠯᠡᠳᠡᠭ᠃  
 
ᠢᠷᠡᠯᠲᠡ᠄ http://www.kqmw.gov.cn
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号