ᠣᠩᠨᠢᠭᠤᠳ ᠮᠣᠩᠭᠤᠯᠴᠣᠳ ᠬᠠᠯᠠᠭᠤᠨ ᠳᠣᠭᠤᠭ᠎ᠠ ᠶᠢ ᠬᠤᠷᠢᠮ ᠨᠠᠶᠢᠷ ᠳᠡᠭᠡᠷ᠎ᠡ ︽ᠪᠥᠬᠦᠯᠢ ᠰᠢᠬᠦᠰᠥ︾ ᠶᠢ | ᠣᠷᠣᠯᠠᠭᠤᠯᠣᠨ ᠬᠡᠷᠡᠭᠯᠡᠳᠡᠭ᠃ ᠬᠠᠯᠠᠭᠤᠨ ᠳᠣᠭᠤᠭ᠎ᠠ ᠨᠢ ᠪᠥᠳᠣᠴᠡ ᠶᠢᠨ ᠬᠤᠪᠢ ᠳᠤ ᠭᠤᠤᠯᠳᠠᠭᠤ ᠵᠡᠰ᠂ | ᠰᠢᠷᠡᠮᠣ᠂ ᠳᠡᠮᠦᠷ ᠵᠡᠷᠬᠡ ᠪᠠᠶᠢᠵᠥ ᠨᠡᠶᠢᠯᠡᠮᠡᠯ᠂ ᠰᠠᠣᠯᠩᠬᠢ ᠬᠤᠶᠠᠷ ᠵᠥᠢᠯ ᠪᠠᠶᠢᠳᠠᠭ᠃ ᠬᠡᠳᠡᠯ᠎ᠡ ᠠᠯᠢ ᠨᠢᠭᠡᠨ ᠴᠣ᠋ | ᠭᠡᠰᠡᠨ ᠬᠠᠯᠠᠭᠤᠨ ᠳᠣᠭᠤᠭᠠᠨ ᠤ ᠭᠤᠤᠯ᠂ ᠬᠠᠯᠠᠭᠤᠨ ᠳᠣᠭᠤᠭᠠᠨ ᠤ ᠬᠡᠪᠡᠯᠢ᠂ ᠬᠠᠯᠠᠭᠤᠨ ᠳᠣᠭᠤᠭᠠᠨ ᠤ ᠵᠣᠤᠬ᠎ᠠ᠂ | ᠬᠠᠯᠠᠭᠤᠨ ᠳᠣᠭᠤᠭᠠᠨ ᠤ ᠪᠥᠷᠬᠦᠭᠡᠰᠣ᠂ ᠬᠠᠯᠠᠭᠤᠨ ᠳᠣᠭᠤᠭᠠᠨ ᠤ ᠰᠡᠨᠵᠢ ᠵᠡᠷᠭᠡ ᠪᠥᠷᠢᠯᠳᠣᠬᠦᠨ ᠲᠠᠢ ᠪᠠᠶᠢᠳᠠᠭ᠃ | ᠡᠳᠡᠭᠡᠷ ᠬᠠᠯᠠᠭᠤᠨ ᠳᠣᠭᠤᠭᠠᠨ ᠤ ᠰᠡᠨᠵᠢ ᠶᠢᠨ ᠬᠡᠰᠡᠭ ᠲᠤ ᠡᠷᠪᠡᠬᠡᠢ᠂ ᠪᠠᠭᠪᠠᠭ᠋ᠠᠢ᠂ ᠵᠣᠤᠬ᠎ᠠ ᠶᠢᠨ ᠬᠡᠰᠡᠭ ᠲᠤ | ᠡᠯᠳᠡᠪ ᠵᠥᠢᠯ ᠤᠨ ᠬᠡ ᠣᠭᠠᠯᠵᠠ᠂ ᠵᠣᠭᠤᠰ᠂ ᠬᠠᠰ ᠳᠠᠮᠠᠭ᠎ᠠ ᠲᠠᠢ ᠴᠣ᠋ ᠪᠤᠢ᠃ ᠣᠩᠨᠢᠭᠤᠳ ᠮᠣᠩᠭᠤᠯᠴᠣᠳ | ᠬᠠᠯᠠᠭᠤᠨ ᠳᠣᠭᠤᠭ᠎ᠠ ᠰᠠᠪᠠᠯᠠᠬᠤ ᠪᠠᠨ ᠬᠠᠯᠠᠭᠤᠨ ᠳᠣᠭᠤᠭ᠎ᠠ ᠪᠠᠵᠠᠭᠠᠬᠤ᠂ ᠬᠠᠯᠠᠭᠤᠨ ᠳᠣᠭᠤᠭ᠎ᠠ ᠰᠢᠭᠠᠬᠤ᠂ | ᠬᠠᠯᠠᠭᠤᠨ ᠳᠣᠭᠤᠭ᠎ᠠ ᠵᠠᠰᠠᠬᠤ ᠬᠡᠬᠦ ᠮᠡᠳᠣ ᠪᠠᠷ ᠠᠳᠠᠯᠢ ᠪᠤᠰᠣ ᠬᠡᠯᠡᠳᠡᠭ᠃ ᠬᠠᠯᠠᠭᠤᠨ ᠳᠣᠭᠤᠭ᠎ᠠ ᠪᠠᠨ ᠣᠯᠠᠩᠬᠢ | ᠳᠤ ᠪᠠᠨ ᠳᠠᠯᠠᠯᠠᠨ ᠵᠠᠰᠠᠬᠤ ᠪᠠ ᠪᠥᠷᠢᠵᠥ ᠵᠠᠰᠠᠬᠤ ᠬᠤᠶᠠᠷ ᠵᠥᠢᠯ ᠢᠶᠠᠷ ᠬᠢᠳᠡᠭ᠃ ᠳᠠᠯᠠᠯᠠᠨ ᠵᠠᠰᠠᠬᠤ ᠳᠤ ᠪᠠᠨ | ᠪᠥᠬᠦᠯᠢ ᠬᠤᠨᠢᠨ ᠤ ᠶᠣᠰᠣ ᠣᠴᠢᠷ ᠢ ᠪᠤᠳᠣᠯᠬᠢᠯᠠᠵᠥ᠂ ᠳᠣᠯᠣᠭᠠᠢ ᠶᠢᠨ ᠬᠡᠰᠡᠭ᠂ ᠴᠡᠭᠡᠵᠢᠨ ᠤ ᠬᠡᠰᠡᠭ ᠭᠡᠵᠥ | ᠬᠤᠪᠢᠶᠠᠨ ᠵᠢᠵᠢᠭᠯᠡᠨ ᠬᠡᠷᠡᠴᠢᠭᠰᠡᠨ ᠮᠢᠬ᠎ᠠ ᠨᠣᠭᠤᠭ᠎ᠠ ᠪᠠᠷ ᠬᠡᠳᠡᠰᠣ ᠬᠡᠮᠡᠨ ᠬᠠᠯᠠᠭᠤᠨ ᠳᠣᠭᠤᠭᠠᠨ ᠳᠤ ᠪᠠᠨ | ᠳᠡᠪᠢᠰᠭᠡᠷᠯᠠᠨ᠂ ᠳᠡᠬᠦᠨ ᠤ ᠳᠡᠭᠡᠬᠦᠷ ᠨᠢ ᠳᠣᠯᠣᠭᠠᠢ ᠶᠢᠨ ᠬᠡᠰᠡᠭ ᠬᠡᠮᠡᠨ ᠮᠢᠬᠠᠨ ᠲᠥᠨᠳᠥᠭ ᠤᠳ ᠢ ᠬᠢᠵᠥ᠂ | ᠴᠡᠭᠡᠵᠢ ᠶᠢᠨ ᠬᠡᠰᠡᠭ ᠲᠤ ᠬᠤᠨᠢᠨ ᠬᠠᠪᠢᠷᠭ᠎ᠠ ᠳᠠᠰᠣᠳᠠᠨ ᠬᠢᠵᠥ᠂ ᠰᠡᠬᠦᠯ ᠤᠨ ᠬᠡᠰᠡᠭ ᠲᠤ ᠬᠤᠨᠢᠨ ᠰᠡᠬᠦᠯ | ᠵᠥᠰᠥᠮᠯᠡᠨ ᠬᠢᠭᠡᠳ 4 — 6 ᠳᠠᠯ᠎ᠠ ᠬᠡᠰᠡᠭᠯᠡᠨ ᠵᠠᠭᠠᠭᠯᠠᠵᠥ ᠵᠠᠰᠠᠳᠠᠭ.᠃ ᠭᠡᠬᠦ ᠳᠤ ᠪᠠᠨ ᠬᠠᠯᠠᠭᠤᠨ ᠳᠣᠭᠤᠭᠠᠨ ᠤ | ᠵᠣᠤᠬ᠎ᠠ ᠶᠢᠨ ᠠᠮᠠᠰᠠᠷ ᠳᠠᠯ᠎ᠠ ᠶᠢ ᠬᠤᠨᠢᠨ ᠤ ᠰᠡᠬᠦᠯ ᠪᠤᠯᠭᠠᠨ ᠵᠠᠰᠠᠵᠥ ᠡᠬᠦᠨ ᠤ ᠠᠰ ᠳᠠᠯ᠎ᠠ ᠶᠢ ᠬᠤᠨᠢᠨ ᠳᠣᠯᠣᠭᠠᠢ | ᠪᠤᠯᠭᠠᠨ ᠵᠠᠰᠠᠳᠠᠭ᠃ ᠬᠡᠬᠦ ᠳᠤ ᠪᠠᠨ ᠵᠠᠭᠠᠭᠯᠠᠭᠰᠠᠨ ᠬᠡᠰᠡᠭ ᠪᠦᠷᠢ ᠳᠤ ᠨᠢ ᠠᠳᠠᠯᠢ ᠪᠤᠰᠣ ᠶᠢᠨ ᠵᠦᠢᠯᠡᠰ ᠢ ᠬᠢᠳᠡᠭ | ᠪᠤᠯᠪᠠᠴᠣ ᠮᠢᠬᠠᠨ ᠪᠤᠭᠤᠷᠰᠤᠭ ᠪᠤᠶᠣ ᠹᠠᠨᠲ᠋ᠢᠶᠣᠤᠷ ᠢ ᠬᠠᠯᠠᠭᠤᠨ ᠳᠣᠭᠤᠭᠠᠨ ᠤ ᠪᠠᠨ ᠡᠬᠦᠳᠡᠨ ᠳᠠᠯ᠎ᠠ ᠳᠤ | ᠣᠷᠣᠭᠤᠯᠣᠨ ᠵᠠᠰᠠᠬᠤ ᠶᠢ ᠴᠡᠭᠡᠷᠯᠡᠵᠥ ᠬᠠᠵᠠᠭᠤ ᠬᠠᠪᠢᠷᠭ᠎ᠠ ᠳᠠᠯ᠎ᠠ ᠳᠤ ᠨᠢ ᠳᠣᠬᠢᠷᠠᠭᠤᠯᠵᠥ ᠪᠠᠶᠢᠳᠠᠭ᠃ ᠬᠡᠷᠪᠡ | ᠳᠡᠶᠢᠮᠥ ᠪᠢᠰᠢ ᠪᠤᠯ ᠵᠣᠴᠢᠨ ᠢᠶᠠᠨ ︽ᠳᠦᠷᠬᠡᠨ ᠦᠩᠬᠦᠷᠢᠳᠣᠨ ᠶᠠᠪᠤ︕︾᠂ ︽ᠳᠦᠷᠬᠡᠨ ᠭᠤᠯᠭᠤᠷᠢᠨ | ᠭᠠᠷᠣᠭᠳᠣᠨ︕︾ ᠭᠡᠵᠤ ᠬᠦᠭᠡᠭᠡᠭᠰᠡᠨ ᠲᠠᠢ ᠠᠳᠠᠯᠢ ᠭᠡᠵᠤ ᠶᠠᠷᠢᠳᠠᠭ ᠪᠢᠯᠨ᠃ ᠡᠶᠢᠮᠦ ᠠᠴᠠ ᠵᠠᠪᠠᠯ ᠵᠣᠴᠢᠨ ᠢᠶᠠᠨ | ᠬᠦᠨᠳᠣᠳᠭᠡᠭᠰᠡᠨ ᠵᠣᠭᠰᠣᠴᠠ ᠠᠴᠠ ᠨᠠᠷᠢᠯᠢᠭ ᠮᠦᠷᠳᠡᠭᠡᠨ ᠰᠢᠮ᠎ᠡ ᠳᠡᠵᠢᠭᠡᠯ ᠪᠠᠷ ᠦᠨᠳᠣᠷ ᠠᠮᠳᠠ ᠰᠢᠮᠳᠡ ᠲᠠᠢ | ᠪᠠᠶᠢᠬᠤ ᠶᠢ ᠪᠠᠳᠣᠯᠠᠬᠤ ᠶᠢ ᠬᠢᠴᠢᠶᠡᠳᠡᠭ ᠪᠢᠯᠨ᠃ ᠪᠥᠷᠢᠵᠥ ᠵᠠᠰᠠᠬᠤ ᠭᠡᠳᠡᠭ ᠨᠢ ᠳᠣᠯᠣᠭᠠᠢ᠂ ᠬᠡᠪᠡᠯᠢ᠂ ᠰᠡᠬᠦᠯ | ᠭᠡᠵᠥ ᠵᠠᠭᠠᠭᠯᠠᠵᠥ ᠬᠤᠪᠢᠶᠠᠬᠤ ᠥᠭᠡᠢ ᠪᠠᠷ ᠮᠠᠬ᠎ᠠ ᠨᠣᠭᠤᠭ᠎ᠠ ᠪᠠᠨ ᠨᠢᠭᠡᠯᠨ ᠨᠡᠶᠢᠯᠡᠬᠦᠯᠵᠥ ᠳᠡᠭᠡᠬᠦᠷ ᠨᠢ ᠳᠠᠷᠭᠤᠨ | ᠮᠢᠬ᠎ᠠ ᠥᠭᠡᠬᠦ ᠪᠠᠷ ᠪᠥᠷᠢᠵᠥ ᠳᠠᠯᠪᠢᠬᠤ ᠶᠢ ᠬᠡᠯᠡᠳᠡᠭ᠃ ᠡᠶᠢᠮᠦᠷᠬᠦ ᠳᠦᠬᠦᠮ ᠬᠡᠯᠪᠡᠷᠢ ᠪᠠᠷ ᠵᠠᠰᠠᠬᠤ ᠬᠠᠯᠠᠭᠤᠨ | ᠳᠣᠭᠤᠭ᠎ᠠ ᠶᠢ ᠵᠣᠴᠢᠨ ᠳᠤ ᠴᠦᠬᠡᠨ ᠬᠡᠷᠡᠭᠯᠡᠵᠥ ᠭᠡᠷ ᠵᠠᠭᠤᠷ᠎ᠠ ᠪᠠᠨ ᠢᠯᠡᠬᠦᠦ ᠬᠡᠷᠡᠭᠯᠡᠳᠡᠭ ᠪᠢᠯᠨ᠃ ᠬᠠᠯᠠᠭᠤᠨ | ᠳᠣᠭᠤᠭ᠎ᠠ ᠣᠷᠣᠭᠤᠯᠬᠤ ᠳᠤ ᠪᠠᠨ ᠪᠥᠷᠬᠦᠭᠡᠰᠣ ᠶᠢ ᠰᠠᠭᠤᠷᠢ ᠪᠤᠯᠭᠠᠨ ᠳᠠᠯᠪᠢᠵᠥ᠂ ᠳᠣᠭᠤᠭ᠎ᠠ ᠣᠷᠣᠭᠤᠯᠣᠭᠴᠢ | ᠠᠴᠠ ᠵᠣᠤᠬ᠎ᠠ ᠶᠢᠨ ᠠᠮᠠᠰᠠᠷ ᠢ ᠥᠪᠡᠷ ᠤᠨ ᠪᠡᠶ᠎ᠡ ᠥᠭᠡᠳᠡ ᠪᠠᠨ ᠬᠠᠨᠳᠣᠭᠤᠯᠣᠨ ᠣᠷᠣᠭᠤᠯᠳᠠᠭ᠃ ᠬᠠᠯᠠᠭᠤᠨ | ᠳᠣᠭᠤᠭ᠎ᠠ ᠣᠷᠣᠭᠤᠯᠣᠭᠰᠠᠨ ᠤ ᠰᠡᠬᠦᠯᠡᠷ ᠰᠢᠷᠡᠭᠡᠨ ᠭᠤᠤᠯ ᠤᠨ ᠠᠬᠠᠮᠠᠳ ᠵᠣᠴᠢᠨ ᠬᠠᠯᠠᠭᠤᠨ ᠳᠣᠭᠤᠭ᠎ᠠ ᠶᠢ ︵ | ᠪᠦᠬᠦᠯᠢ ᠰᠢᠬᠦᠰᠣ ᠬᠠᠰᠢᠨ ᠬᠦᠨᠳᠡᠬᠦ ᠲᠠᠢ ᠠᠳᠠᠯᠢ ᠶᠣᠰᠣ ᠪᠠᠷ︶ ᠬᠥᠨᠳᠡᠭᠡᠨ ᠬᠥᠳᠡᠯᠭᠡᠭᠰᠡᠨ ᠤ ᠳᠠᠷᠠᠭ᠎ᠠ ᠰᠢᠷᠡᠭᠡᠨ | ᠳᠤ ᠰᠠᠭᠤᠭᠰᠠᠨ ᠵᠣᠴᠢᠨ ᠵᠣᠭᠤᠭᠯᠠᠵᠥ ᠡᠬᠢᠯᠡᠳᠡᠭ᠃ ᠰᠢᠷᠡᠭᠡ ᠬᠤᠷᠢᠶᠠᠬᠤ ᠪᠤᠯᠬᠤ ᠳᠤ ᠭᠤᠤᠯ ᠵᠣᠴᠢᠨ ᠠᠴᠠ | ᠪᠡᠯᠭᠡ ᠳᠡᠮᠪᠡᠷᠢᠯ ᠲᠠᠢ ᠦᠭᠡ ᠭᠡᠯᠡᠵᠥ ᠬᠠᠯᠠᠭᠤᠨ ᠳᠣᠭᠤᠭ᠎ᠠ ᠶᠢ ᠵᠥᠪ ᠢᠶᠠᠷ ᠡᠷᠬᠢᠬᠦᠯᠵᠥ ᠪᠤᠴᠠᠭᠠᠳᠠᠭ ᠣᠴᠢᠷ ᠲᠠᠢ | ᠶᠣᠮ᠃ |