ᠰᠢᠳᠢᠳᠤ ᠦᠯᠢᠭᠡᠷ ︽ᠲᠤᠮᠤᠬᠳᠤ ᠷᠠᠰᠢᠶᠠᠨ︾ ᠬᠡᠪᠯᠡᠭᠳᠡᠯ᠎ᠡ
ᠨᠡᠶᠢᠲᠡᠯᠡᠭᠰᠡᠨ ᠴᠠᠭ᠄
2016/4/6
    ᠤᠶᠤᠨᠴᠢᠮᠡᠭ᠂ ᠲᠠᠩᠵᠢᠨ᠂ ᠨᠡᠷᠡᠨᠪᠢᠯᠢᠭ ᠤᠨ ᠵᠤᠬᠢᠶᠠᠨ ᠪᠦᠳᠦᠭᠡᠭᠰᠡᠨ ᠮᠤᠩᠭᠤᠯ ᠦᠨᠳᠤᠰᠤᠳᠡᠨ ᠤ  ᠰᠢᠳᠢᠳᠤ  ᠷᠤᠮᠠᠨ ︽ᠲᠤᠮᠤᠭᠳᠤ  ᠷᠠᠰᠢᠶᠠᠨ︾ ᠢ  ᠤᠷᠴᠢᠮᠬᠠᠨ  ᠦᠪᠤᠷ  ᠮᠤᠩᠭᠤᠯ ᠤᠨ  ᠬᠡᠪᠯᠡᠯ ᠤᠨ  ᠪᠦᠯᠦᠭᠯᠡᠯ ᠤᠨ  ᠦᠪᠤᠷ   ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ ᠠᠴᠠ ᠬᠡᠪᠯᠡᠨ ᠲᠠᠷᠬᠠᠭᠠᠪᠠ᠃             ᠵᠤᠬᠢᠶᠠᠭᠴᠢ ︽ᠪᠠᠷᠠᠭᠤᠨᠰᠢ ᠵᠤᠷᠴᠢᠬᠰᠠᠨ ᠲᠡᠮᠳᠡᠭᠯᠡᠯ︾ ᠠᠴᠠ ᠰᠡᠩᠭᠡᠷᠡᠭᠦᠯᠦᠯ  ᠤᠯᠵᠤ᠂  ᠮᠤᠩᠭᠤᠯ  ᠦᠨᠳᠤᠰᠤᠳᠡᠨ ᠤ ᠲᠡᠤᠭᠡᠨ ᠲᠤᠭᠤᠵᠢ ᠶᠢ ᠦᠯᠢᠭᠡᠷ ᠲᠤᠮᠤᠭ ᠤᠨ ᠬᠡᠯᠪᠡᠷᠢ ᠪᠠᠷ  ᠦᠭᠦᠯᠡᠯᠭᠡ  ᠷᠤᠮᠠᠨ  ᠪᠤᠯᠭᠠᠵᠤ᠂  ᠲᠦᠭ  ᠲᠦᠮᠡᠨ  ᠵᠠᠯᠠᠭᠤᠴᠤᠳ ᠪᠠᠭᠠᠴᠤᠳ ᠤᠨ ᠬᠦᠷᠳᠡᠭᠡᠯ ᠪᠤᠯᠭᠠᠬᠤ ᠶᠢ ᠵᠤᠷᠢᠭᠰᠠᠨ ᠶᠤᠮ᠃           ᠲᠤᠰ ᠦᠯᠢᠭᠡᠷ ᠲᠤ᠂ ᠲᠠᠩᠭᠤᠳ ᠤᠯᠤᠰ  ᠮᠦᠬᠦᠵᠤ  ᠬᠤᠳᠠ ᠨᠢ  ᠰᠦᠢᠷᠡᠭᠰᠡᠨ  ᠴᠤ  ᠪᠦᠭᠡ ᠶᠢᠨ  ᠬᠦᠴᠦᠨ ᠠᠴᠠ ᠰᠦᠷᠳᠡᠨ ᠲᠤᠳᠠᠭᠠᠭᠰᠠᠨ ᠢᠯᠠᠭᠤ ᠪᠤᠷᠬᠠᠨ ᠤ ᠬᠠᠳᠤᠨ ᠬᠠᠷ᠎ᠠ ᠮᠤᠭᠠᠢ ᠶᠢᠨ  ᠰᠢᠮᠨᠤᠰ  ᠬᠦᠷᠪᠡᠯᠵᠢᠨ  ᠭᠤᠸ᠎ᠠ  ᠬᠠᠳᠤᠨ  ᠪᠤᠯᠤᠨ ᠨᠦᠬᠦᠭᠡ ᠬᠤᠶᠠᠷ ᠦᠬᠢᠨ ᠲᠡᠭᠦᠦ ᠲᠠᠢ ᠪᠠᠨ ᠰᠦᠨᠢ ᠪᠠᠷ ᠴᠢᠩᠭᠢᠰ  ᠬᠠᠭᠠᠨ ᠢ  ᠬᠤᠤᠷᠯᠠᠵᠤ  ᠦᠰᠢᠶ᠎ᠠ  ᠠᠪᠬᠤ ᠪᠠᠷ  ᠢᠷᠡᠪᠡ᠃ ᠡᠷᠳᠡ ᠠᠴᠠ ᠪᠡᠯᠡᠳᠭᠡᠯ ᠲᠠᠢ ᠪᠠᠶᠢᠭᠰᠠᠨ ᠬᠢᠯᠦᠭᠡᠨ ᠪᠠᠭᠠᠳᠤᠷ ᠭᠡᠳᠦ᠋ᠢᠪᠡᠷ ᠲᠤᠭᠤᠷᠤᠤ  ᠤᠨᠤᠵᠤ  ᠨᠢᠰᠤᠨ  ᠪᠠᠭᠤᠵᠤ  ᠢᠷᠡᠭᠰᠡᠨ ᠭᠤᠷᠪᠠᠨ ᠰᠢᠮᠨᠤᠰ ᠢ ᠰᠦᠨᠦᠭᠡᠵᠤ ᠲᠡᠶᠢᠯᠦᠭᠰᠡᠨ ᠪᠤᠯᠪᠠᠴᠤ ᠬᠦᠷᠪᠡᠯᠵᠢᠨ ᠭᠤᠸ᠎ᠠ ᠬᠠᠳᠤᠨ ᠤ ᠬᠠᠮᠤᠭ ᠡᠴᠤᠰ ᠤᠨ  ᠴᠢᠳᠠᠯ ᠪᠠᠷ ᠢᠶᠠᠨ ᠦᠯᠢᠶᠡᠨ ᠭᠠᠷᠭᠠᠭᠰᠠᠨ ᠬᠦᠢᠭᠡᠨ  ᠬᠠᠷ᠎ᠠ  ᠤᠳᠤᠭ᠎ᠠ  ᠠᠮᠳᠠᠳᠤ  ᠨᠦᠢᠷ ᠲᠠᠭᠠᠨ  ᠪᠠᠶᠢᠭᠰᠠᠨ  ᠴᠢᠩᠭᠢᠰ  ᠬᠠᠭᠠᠨ ᠤ  ᠬᠠᠮᠠᠷ ᠲᠤ ᠤᠷᠤᠭᠰᠠᠨ ᠢ ᠭᠡᠨ ᠴᠤ ᠮᠡᠳᠡᠬᠦ ᠦᠭᠡᠢ ᠪᠠᠶᠢᠯ᠎ᠠ᠃ ᠲᠡᠭᠦᠨ ᠠᠴᠠ ᠠᠪᠤᠭᠠᠳ ᠴᠢᠩᠭᠢᠰ  ᠬᠠᠭᠠᠨ ᠤ  ᠪᠡᠶ᠎ᠡ  ᠡᠳᠤᠷ ᠠᠴᠠ  ᠡᠳᠤᠷ ᠴᠢᠯᠡᠭᠡᠷᠭᠡᠵᠤ ᠶᠡᠭᠡ ᠴᠡᠷᠢᠭ ᠤᠷᠤᠭᠰᠢᠯᠠᠬᠤ ᠶᠢᠨ ᠠᠷᠭ᠎ᠠ ᠦᠭᠡᠢ ᠪᠤᠯᠪᠠ᠃ ᠬᠢᠯᠦᠭᠡᠨ  ᠪᠠᠭᠠᠳᠤᠷ  ᠪᠦᠬᠦ  ᠬᠦᠮᠦᠰ ᠢ  ᠤᠷᠢᠶᠠᠯᠠᠵᠤ ᠶᠡᠭᠡ ᠬᠤᠷᠠᠯ ᠬᠤᠷᠠᠯᠳᠤᠭᠤᠯᠵᠤ ᠤᠢᠢᠷ᠎ᠠ ᠪᠠᠶᠢᠭ᠎ᠠ ᠲᠠᠪᠤᠨ ᠬᠠᠶᠢᠷᠬᠠᠨ ᠤ ᠤᠷᠤᠢ ᠲᠡᠭᠡᠷ᠎ᠡ ᠤᠪᠤᠭ᠎ᠠ ᠪᠤᠰᠬᠠᠵᠤ ᠲᠠᠪᠤᠨ ᠪᠢᠴᠢᠭᠡᠴᠢ ᠲᠤᠮᠢᠯᠠᠵᠤ ᠮᠦᠡᠭᠭᠡ ᠲᠡᠭᠷᠢ ᠶᠢᠨ ᠰᠠᠨᠠᠭ᠎ᠠ ᠶᠢ ᠠᠰᠠᠭᠤᠬᠤ ᠳᠤ ︽ᠴᠢᠩᠭᠢᠰ  ᠬᠠᠭᠠᠨ  ᠦᠬᠦᠬᠦ  ᠦᠭᠡᠢ  ᠮᠦᠡᠭᠭᠡ ᠶᠢᠨ  ᠷᠠᠰᠢᠶᠠᠨ ᠤᠤᠭᠤᠵᠤ ᠮᠦᠡᠭᠭᠡᠷᠡᠨ᠎ᠠ︾ ᠭᠡᠵᠤ ᠪᠢᠴᠢᠵᠤ ᠪᠠᠶᠢᠯ᠎ᠠ᠃ ᠲᠡᠭᠡᠭᠡᠳ  ᠤᠨᠴᠠᠭᠠᠢ  ᠠᠷᠭ᠎ᠠ ᠪᠠᠷ  ᠰᠢᠯᠢᠨ  ᠰᠤᠩᠭᠤᠭᠰᠠᠨ  ᠮᠦᠡᠭᠭᠡ ᠲᠡᠭᠷᠢ ᠶᠢᠨ ᠵᠠᠶᠠᠭ᠎ᠠ ᠲᠠᠭᠠᠵᠤ ᠭᠠᠷᠤᠭᠰᠠᠨ ᠴᠠᠭᠠᠳᠠᠢ ᠲᠦᠷᠦᠭᠦᠳᠠᠢ ᠠᠷᠪᠠᠨ ᠪᠠᠭᠠᠳᠤᠷ ᠮᠢᠩᠭᠠᠨ ᠭᠠᠵᠠᠷ ᠤᠨ  ᠠᠯᠤᠰ ᠲᠤ  ᠪᠠᠶᠢᠭ᠎ᠠ ᠶᠡᠭᠡ ᠴᠢᠨᠳᠠᠮᠤᠨᠢ ᠠᠭᠤᠯᠠᠨ ᠳᠤ ᠬᠦᠷᠴᠤ᠂ ᠲᠦᠮᠡᠨ ᠪᠡᠷᠭᠡ ᠮᠢᠩᠭᠠᠨ ᠪᠠᠷᠳᠠᠭ᠎ᠠ ᠶᠢ  ᠲᠠᠪᠠᠨ᠂  ᠡᠯ᠎ᠡ  ᠵᠠᠮ ᠤᠨ  ᠠᠳᠠ  ᠴᠢᠳᠬᠦᠷ ᠮᠠᠩᠭᠤᠰ ᠰᠢᠮᠨᠤᠰ ᠢ ᠲᠠᠷᠤᠵᠤ ᠶᠡᠭᠡ ᠴᠢᠨᠳᠠᠮᠤᠨᠢ ᠨᠠᠭᠤᠷ ᠠᠴᠠ ᠮᠦᠡᠭᠭᠡ ᠶᠢᠨ ᠷᠠᠰᠢᠶᠠᠨ ᠵᠠᠯᠠᠭᠰᠠᠨ ᠦᠯᠢᠭᠡᠷ ᠢ ᠪᠢᠴᠢᠵᠠᠢ᠃           ︽ᠠᠩᠬ᠎ᠠ ᠡᠬᠢᠨ ᠳᠡᠭᠡᠨ ᠵᠦᠴᠦᠭᠡ ᠶᠢᠨ ᠲᠡᠪᠳᠡᠷ ᠪᠤᠯᠭᠠᠨ ᠪᠢᠴᠢᠵᠦ ᠪᠡᠭᠡᠵᠢᠩ ᠤᠨ ᠨᠢᠭᠡᠨ ᠺᠢᠨᠣ᠋  ᠤᠳᠤᠷᠢᠳᠤᠭᠠᠴᠢ ᠲᠠᠢ ᠺᠢᠨᠣ᠋ ᠪᠤᠯᠭᠠᠨ ᠰᠡᠭᠦᠳᠡᠷᠯᠡᠬᠦ ᠰᠠᠨᠠᠭ᠎ᠠ ᠪᠠᠨ  ᠴᠤᠬᠤᠢᠢᠯᠭᠠᠪᠠ︾  ᠬᠡᠵᠦ  ᠵᠤᠬᠢᠶᠠᠭᠴᠢ  ᠨᠡᠷᠡᠨᠪᠢᠯᠢᠭ  ᠰᠤᠷᠪᠤᠯᠵᠢᠯᠠᠭᠴᠢ ᠳᠤ  ᠶᠠᠷᠢᠵᠤ ᠪᠠᠶᠢᠯ᠎ᠠ᠃ ᠺᠢᠨᠣ᠋ ᠤᠳᠤᠷᠢᠳᠤᠭᠠᠴᠢ ᠠᠴᠠ ᠡᠨᠡᠬᠦ ᠦᠯᠢᠭᠡᠷ ᠢ ᠦᠵᠡᠵᠤ ᠲᠤᠭᠤᠭᠠᠳ ᠺᠢᠨᠣ᠋ ᠪᠤᠯᠭᠠᠬᠤ ᠶᠢ ᠵᠦᠪᠰᠢᠶᠡᠷᠡᠭᠰᠡᠨ ᠪᠤᠯᠪᠠᠴᠤ ᠦᠯᠢᠭᠡᠷ ᠤᠨ ᠭᠤᠤᠯ ᠪᠠᠭᠠᠳᠤᠷ ᠤᠳ ᠢ ᠨᠡᠷᠡᠳᠠᠢ ᠬᠢᠳᠠᠳ ᠲᠤᠭᠯᠠᠭᠴᠢᠳ ᠢᠶᠠᠷ ᠲᠤᠭᠯᠠᠭᠤᠯᠬᠤ ᠶᠢ  ᠰᠠᠨᠠᠭᠠᠴᠢᠯᠠᠭᠰᠠᠨ  ᠪᠠᠶᠢᠯ᠎ᠠ᠃ ᠬᠡᠪᠡᠴᠦ ᠨᠡᠷᠡᠨᠪᠢᠯᠢᠭ ︽ᠮᠤᠩᠭᠤᠯ ᠦᠨᠳᠤᠰᠤᠳᠡᠨ ᠤ ᠲᠡᠤᠭᠡ ᠰᠤᠶᠤᠯ ᠤᠨ ᠵᠦᠢᠯᠡᠰ ᠢ  ᠮᠤᠩᠭᠤᠯ  ᠬᠦᠮᠦᠨ ᠢᠶᠠᠷ  ᠲᠤᠭᠯᠠᠭᠤᠯᠬᠤ ᠦᠭᠡᠢ ᠪᠤᠯ ᠭᠠᠳᠠᠷ ᠲᠦᠷᠢ ᠪᠠᠶᠢᠳᠠᠯ᠂ ᠲᠤᠳᠤᠭᠠᠳᠤ ᠰᠡᠳᠬᠢᠯᠭᠡ ᠶᠢᠨ ᠠᠯᠢᠨ ᠢ ᠴᠤ ᠴᠢᠰᠤ  ᠮᠢᠬ᠎ᠠ ᠲᠠᠢ  ᠪᠦᠳᠦᠭᠡᠬᠦᠶ᠎ᠡ  ᠪᠡᠷᠭᠡ︾ ᠬᠡᠮᠡᠨ ᠵᠦᠪᠰᠢᠶᠡᠷᠡᠭᠰᠡᠨ ᠦᠭᠡᠢ ᠪᠠᠶᠢᠯ᠎ᠠ᠃ ᠲᠡᠭᠡᠭᠦᠯᠡᠷ ᠨᠦᠬᠦᠭᠡ ᠤᠳᠤᠷᠢᠳᠤᠭᠠᠴᠢ ᠠᠴᠠ ᠵᠦᠴᠦᠭᠡ ᠶᠢᠨ ᠲᠡᠪᠳᠡᠷ ᠵᠢᠴᠢ ᠺᠢᠨᠣ᠋ ᠶᠢᠨ ᠪᠦᠬᠦ᠋ᠢᠯᠡ ᠵᠤᠬᠢᠶᠠᠨ ᠪᠦᠳᠦᠯᠭᠡ ᠶᠢᠨ ᠡᠷᠭᠡ ᠶᠢ ᠦᠨᠳᠤᠷ ᠦᠨ᠎ᠡ ᠪᠠᠷ ᠬᠤᠳᠠᠯᠳᠤᠵᠤ ᠠᠪᠬᠤ  ᠬᠡᠪᠡ᠃  ᠭᠡᠳᠤᠨ  ᠵᠤᠭᠤᠰ ᠤᠨ ᠲᠦᠯᠦᠭᠡ  ᠦᠪᠡᠷ ᠤᠨ  ᠬᠦᠴᠦ  ᠬᠦᠯᠦᠰᠤ᠂  ᠢᠯᠠᠩᠭᠤᠶ᠎ᠠ  ᠦᠨᠳᠦᠰᠦᠳᠡᠨ ᠤ  ᠲᠡᠤᠭᠡ  ᠰᠤᠶᠤᠯ ᠤᠨ  ᠡᠷᠭᠡ  ᠠᠰᠢᠭ ᠢᠶᠠᠨ ᠲᠤᠷ᠎ᠠ ᠪᠠᠷ ᠢᠶᠠᠨ ᠬᠤᠳᠠᠯᠳᠤᠵᠤ ᠶᠠᠭᠠᠬᠢᠵᠤ ᠪᠤᠯᠬᠤ ᠪᠤᠢ ᠳ᠋ᠠ︕ ᠲᠡᠶᠢᠨᠬᠦ ᠨᠡᠷᠡᠨᠪᠢᠯᠢᠭ  ᠲᠤᠬᠠᠢ ᠶᠢᠨ  ᠦᠶ᠎ᠡ ᠳᠤ  ᠪᠦᠳᠦᠭᠡᠯ ᠨᠢ ᠭᠡᠳᠦ᠋ᠢᠪᠡᠷ  ᠨᠤᠮ  ᠪᠤᠯᠵᠤ  ᠬᠡᠪᠯᠡᠭᠳᠡᠭᠡᠳᠦᠢ  ᠪᠠᠶᠢᠭᠰᠠᠨ  ᠪᠤᠯᠪᠠᠴᠤ᠂  ᠨᠢᠭᠡᠨᠳᠡ  ᠭᠡᠪᠯᠡᠯ ᠳᠤ  ᠦᠭᠴᠢᠭᠡᠯ᠎ᠡ  ᠭᠡᠵᠤ   ᠬᠡᠯᠡᠵᠤ ᠶᠠᠪᠤᠭᠤᠯᠤᠭᠠᠳ᠂ ᠲᠠᠷᠠᠭ᠎ᠠ ᠨᠢ ᠵᠢᠩᠭᠢᠨᠢ ᠪᠠᠷ ᠮᠤᠩᠭᠤᠯ ᠪᠠᠷ ᠵᠢᠷᠤᠭ ᠬᠠᠪᠴᠢᠭᠤᠯᠤᠭᠰᠠᠨ ᠨᠤᠮ  ᠪᠤᠯᠭᠠᠵᠤ  ᠭᠠᠷᠭᠠᠭᠰᠠᠨ ᠨᠢ  ᠡᠨᠡ ᠪᠠᠶᠢᠯ᠎ᠠ᠃         ᠲᠤᠰ ᠷᠤᠮᠠᠨ ᠨᠢ ᠦᠯᠢᠭᠡᠷ ᠤᠨ ᠬᠤᠪᠢ ᠳᠤ᠂ ᠮᠤᠩᠭᠤᠯ ᠦᠨᠳᠤᠰᠤᠳᠡᠨ ᠤ ᠠᠷᠠᠳ ᠤᠨ ᠠᠮᠠᠨ ᠦᠯᠢᠭᠡᠷ ᠤᠨ  ᠤᠬᠢ ᠰᠤᠳᠤ ᠶᠢ  ᠰᠢᠷᠭᠠᠭᠠᠨ  ᠠᠪᠤᠭᠰᠠᠨ  ᠰᠠᠭᠤᠷᠢᠨ  ᠲᠡᠭᠡᠷ᠎ᠡ᠂  ᠵᠤᠬᠢᠶᠠᠨ  ᠪᠦᠳᠦᠭᠡᠯᠳᠡ  ᠬᠤᠯᠪᠤᠨ  ᠪᠤᠳᠤᠯᠳᠠ ᠪᠠᠷ   ᠲᠠᠮᠵᠢᠨ᠂ ᠦᠯᠢᠭᠡᠷ ᠤᠨ ᠶᠠᠪᠤᠴᠠ ᠶᠢ ᠤᠯᠠᠮ ᠨᠢᠭᠤᠴᠠ ᠤᠪᠠᠳᠢᠰᠯᠢᠭ᠂ ᠡᠭᠡᠳᠡᠷᠡᠭᠡᠨ  ᠪᠤᠳᠤᠯᠢᠶᠠᠨᠳᠠᠢ  ᠪᠤᠯᠭᠠᠭᠰᠠᠨ ᠢᠶᠠᠷ  ᠤᠡᠭᠰᠢᠪᠤᠷᠢᠳᠠᠢ᠂ ᠬᠦᠮᠦᠨ ᠤ ᠪᠠᠭ᠋ᠠᠷᠬᠠᠯ ᠢ ᠲᠠᠳᠠᠨ᠂ ᠰᠤᠨᠢᠭᠤᠴᠢ ᠰᠡᠳᠬᠢᠯ ᠢ ᠤᠯᠠᠮ ᠢᠯᠡᠭᠦᠦ ᠬᠦᠳᠡᠯᠭᠡᠬᠦ  ᠪᠤᠯᠭᠠᠵᠤ᠂  ᠡᠭᠦᠪᠡᠷ  ᠲᠠᠮᠵᠢᠨ  ᠴᠢᠩᠭᠢᠰ ᠬᠠᠭᠠᠨ ᠪᠤᠯᠤᠨ ᠪᠠᠭᠠᠳᠤᠷᠯᠢᠭ᠂ ᠰᠦᠷ ᠬᠦᠴᠦᠳᠠᠢ ᠮᠤᠩᠭᠤᠯ ᠦᠨᠳᠤᠰᠤᠳᠡᠨ ᠤ ᠵᠤᠷᠢᠭ  ᠰᠠᠨᠠᠭ᠎ᠠ᠂  ᠦᠯᠢᠭᠡᠷ  ᠲᠡᠦᠭᠡ ᠶᠢ  ᠨᠡᠩ ᠰᠢᠳᠢᠯᠢᠭ ᠢᠯᠡᠳᠭᠡᠵᠤ ᠴᠢᠳᠠᠵᠠᠢ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号