ᠸ᠊ · ᠰᠠᠶᠢᠠᠴᠤᠬᠳᠤ
ᠨᠡᠶᠢᠲᠡᠯᠡᠭᠰᠡᠨ ᠴᠠᠭ᠄
2016/4/7
         ᠸ᠊ · ᠰᠠᠶᠢᠠᠴᠤᠬᠳᠤ ︵1969 . 8 —        ︶               ᠵᠠᠯᠠᠭᠤ ᠡᠷᠳᠠᠮᠳᠠᠨ᠂  ᠵᠤᠬᠢᠶᠠᠯᠴᠢ᠃  ᠤᠩᠨᠢᠭᠤᠤᠨ ᠬᠤᠰᠢᠭᠤᠨ ᠤ ᠬᠡᠷᠰᠠᠩ ᠰᠤᠮᠥᠨ ᠤ ᠪᠤᠷᠵᠢᠬᠢᠨ ᠤᠪᠤᠬᠳᠤ  ᠸᠠᠩᠴᠤᠬᠳᠤᠷᠵᠢ ᠶᠢᠨ ᠬᠥᠪᠡᠬᠦᠨ᠃           ᠸ᠊ · ᠰᠠᠶᠢᠠᠴᠤᠬᠳᠤ 1982 ᠤᠨ ᠳᠤ ᠪᠠᠭ᠎ᠠ ᠰᠤᠷᠭᠠᠭᠤᠯᠢ ᠳᠤ ᠪᠠᠶᠢᠬᠤ ᠳᠠᠭᠠᠨ ᠠᠩᠬᠠᠨ ᠤ ᠤᠷᠠᠨ ᠪᠥᠳᠤᠬᠡᠯ   ᠢᠶᠠᠨ ᠨᠠᠶᠢᠳᠠᠯᠠᠬᠦᠯᠥᠭᠰᠠᠨ ᠠᠴᠠ ᠨᠠᠭᠠᠰᠢ ᠲᠠᠰᠤᠷᠠᠯᠳᠠ ᠥᠬᠡᠢ ᠵᠤᠬᠢᠶᠠᠨ ᠪᠥᠳᠤᠬᠡᠭᠰᠠᠬᠡᠷ ᠡᠯᠪᠡᠭ ᠪᠥᠳᠤᠬᠡᠯ ᠲᠠᠢ  ᠵᠤᠬᠢᠶᠠᠯᠴᠢ ᠰᠤᠳᠤᠯᠥᠬᠴᠢ ᠪᠤᠯᠵᠠᠢ᠃  ᠲᠠᠷᠨ ᠪᠠᠷ 1998  ᠤᠨ ᠳᠤ ︽ᠲᠤᠮᠤᠭ ᠥᠯᠢᠬᠡᠷ  ᠤᠨ ᠰᠤᠳᠤᠯᠥᠯ︾ ︵ ᠬᠠᠶᠢᠯᠠᠷ︶᠂ ︽ᠠᠮᠢ ᠶᠢᠨ ᠰᠢᠳᠤᠯᠬᠡ︾ ︵ᠬᠥᠬᠡᠬᠤᠳᠠ︶᠂ 1999 ᠤᠨ ᠳᠤ ︽ᠮᠤᠩᠭᠤᠯᠴᠤᠤᠨ ᠤᠨ ᠲᠤᠮ︾᠂  2000  ᠤᠨ ᠳᠤ ︽ᠲᠠᠮᠳᠡᠭ ᠤᠨ ᠰᠤᠶᠤᠯ︾ ︵ᠪᠡᠬᠡᠵᠢᠩ︶᠂ ︽ᠴᠥᠯᠡᠭᠳᠡᠭᠰᠠᠨ ᠵᠥᠡᠭᠨᠡᠭᠴᠢ︾ ︵ᠬᠥᠬᠡᠬᠤᠳᠠ︶  ᠂ ︽ᠮᠤᠩᠭᠤᠯ ᠤᠨ ᠡᠷᠳᠠ— ᠤᠷᠴᠢᠨ ᠥᠶ᠎ᠠ ᠶᠢᠨ ᠤᠷᠠᠨ ᠵᠤᠬᠢᠶᠠᠯ ᠤᠨ ᠲᠤᠪᠴᠢ ᠲᠤᠯᠢ︾ ᠵᠠᠷᠬᠡ  ᠰᠤᠳᠤᠯᠭᠠᠨ ᠤ ᠪᠠ ᠰᠢᠯᠥᠭ ᠤᠨ ᠨᠤᠮ ᠵᠢᠷᠭᠤᠭ᠎ᠠ ᠬᠡᠪᠯᠠᠬᠦᠯᠵᠠᠢ᠃ ᠤᠳᠤ ᠲᠠᠷᠨ ᠪᠠᠷ ︽︿ᠮᠤᠩᠭᠤᠯ ᠤᠨ ᠨᠢᠭᠤᠴᠨ  ᠲᠤᠪᠴᠢᠶᠠᠨ﹀ ᠤ ᠰᠤᠶᠤᠯ ᠵᠥᠢ︾᠂ ︽ᠮᠤᠩᠭᠤᠯ ᠰᠤᠶᠤᠯ ᠤᠨ ᠯᠠᠠᠲᠠᠰᠺᠠᠪ ᠤᠨ ᠰᠤᠳᠤᠯᠤᠯ︾᠂ ︽ᠰᠤᠶᠤᠯ ᠤᠨ  ᠰᠢᠬᠦᠮᠵᠢᠯᠠᠯ︾᠂ ︽ᠥᠪᠤᠷ ᠮᠤᠩᠭᠤᠯ ᠤᠨ ᠡᠷᠳᠠᠨ ᠤ ᠰᠤᠶᠤᠯ ︾᠂ ︽ ᠪᠠᠭᠠᠴᠤᠤᠨ ᠲᠠᠬᠡᠷ᠎ᠠ ᠮᠠᠷᠳᠠᠬᠰᠠᠨ ᠱᠠᠭ᠎ᠠ︾  ᠵᠠᠷᠬᠡ ᠨᠤᠮ ᠢᠶᠠᠨ ᠬᠡᠪᠯᠠᠯ ᠳᠤ ᠲᠠᠪᠰᠢᠬᠦᠯᠥᠭᠰᠠᠨ ᠪᠠᠶᠢᠨ᠎ᠠ᠃  ᠡᠬᠦᠨ ᠤ ᠲᠠᠬᠡᠷ᠎ᠠ ᠶᠡᠭᠡ ᠰᠤᠷᠭᠠᠭᠤᠯᠢ ᠨᠤᠭᠤᠳ ᠤᠨ  ᠡᠷᠬᠢᠯᠡᠭᠰᠠᠨ ᠡᠷᠳᠠᠮ ᠰᠢᠠᠵᠢᠯᠠᠬᠡᠨ ᠤ ᠬᠡᠳᠤ ᠬᠡᠳᠤᠨ ᠲᠥᠯᠥᠪᠯᠡᠭᠡ ᠳᠤ ᠭᠠᠷ  ᠪᠠᠶ᠎ᠠ ᠤᠷᠤᠯᠴᠠᠬᠰᠠᠨ ᠪᠠ ᠰᠤᠨᠢᠨ ᠰᠠᠥᠠᠬᠦᠯ   ᠳᠤ ᠥᠬᠦᠯᠠᠯ ᠵᠤᠬᠢᠶᠠᠯ ᠲᠠᠰᠤᠷᠠᠯᠳᠠ ᠥᠬᠡᠢ ᠨᠠᠶᠢᠳᠠᠯᠠᠬᠦᠯᠥᠭᠰᠠᠬᠡᠷ ᠪᠠᠶᠢᠭ᠎ᠠ ᠶᠤᠮ᠃ ︽ᠲᠤᠮᠤᠭ ᠥᠯᠢᠬᠡᠷ ᠤᠨ  ᠰᠤᠳᠤᠯᠤᠯ︾ ᠬᠡᠬᠦ ᠨᠤᠮ ᠳᠠᠭᠠᠨ ᠲᠠᠷᠨ ᠪᠠᠷ  ᠲᠤᠮᠤᠭ ᠥᠯᠢᠬᠡᠷ ᠤᠨ  ᠮᠤᠲ᠋ᠢᠹ   ᠢ ᠤᠯᠵᠤ ᠢᠯᠠᠷᠠᠬᠦᠯᠬᠦ ᠰᠢᠨ᠎ᠠ ᠤᠨᠤᠯ  ᠲᠤᠬᠳᠠᠯᠴᠠᠭ᠎ᠠ ᠶᠢ ᠵᠤᠬᠢᠶᠠᠵᠤ ᠭᠠᠷᠭᠠᠵᠠᠢ ᠃ ︽ᠲᠠᠮᠳᠡᠭ ᠤᠨ ᠰᠤᠶᠤᠯ︾ ᠬᠡᠬᠦ ᠨᠤᠮ ᠳᠠᠭᠠᠨ ᠥᠷᠤᠨᠠᠳᠠᠬᠢᠨ ᠤ  ᠰᠤᠩᠭᠤᠳᠠᠭ ᠤᠷᠤᠰᠬᠠᠯ ᠪᠥᠯᠤᠭ᠌ ᠤᠳ ᠲᠠᠢ ᠵᠠᠷᠬᠡᠴᠠᠬᠦᠯᠥᠨ ᠰᠤᠶᠤᠯ ᠵᠥᠢ ᠶᠢᠨ ᠰᠢᠨ᠎ᠠ ᠤᠨᠤᠯ ᠲᠤᠬᠳᠠᠯᠴᠠᠭ᠎ᠠ ᠶᠢ  ᠭᠠᠷᠭᠠᠨ ᠲᠠᠯᠪᠢᠬᠰᠠᠨ ᠪᠥᠬᠡᠥᠨ ᠥᠪᠠᠷ ᠤᠨ ᠤᠨᠤᠯ ᠢ ᠲᠠᠮᠳᠠᠬᠢᠰᠮ ︵TemDegism︶  ᠬᠡᠵᠤ ᠨᠠᠷᠠᠶᠢᠥᠠᠴᠠᠢ᠃  ︽ᠠᠮᠢ ᠶᠢᠨ ᠰᠢᠳᠤᠯᠬᠡ︾ ᠬᠡᠬᠦ ᠨᠤᠮ  ᠳᠠᠭᠠᠨ ᠲᠠᠷᠨ ᠪᠠᠷ ᠬᠥᠮᠥᠨ ᠵᠥᠢ ᠶᠢᠨ ᠰᠢᠨ᠎ᠠ ᠤᠨᠤᠯ ᠤᠨ  ᠲᠤᠬᠳᠠᠯᠴᠠᠭ᠎ᠠ— ᠠᠮᠢᠨᠢᠰᠮ ︵Aminism︶   ᠤᠨ ᠤᠨᠤᠯ ᠢ ᠲᠠᠪᠰᠢᠬᠦᠯᠥᠨ ᠲᠠᠯᠪᠢᠭᠠᠥᠨ᠂ ᠮᠤᠩᠭᠤᠯ   ᠤᠨ ᠤᠯᠠᠮᠵᠢᠯᠠᠯ ᠢᠶᠠᠷ ᠥᠷᠤᠨᠠᠳᠠᠬᠢᠨ ᠤ ᠠᠯᠳᠠᠭ᠎ᠠ ᠶᠢ ᠰᠥᠬᠦᠬᠡᠵᠤ᠂  ᠥᠪᠠᠷ ᠤᠨ ᠤᠨᠤᠯ ᠢ ᠥᠷᠤᠨᠠᠳᠠᠬᠢᠨ ᠤ ᠬᠥᠮᠥᠨ  ᠵᠥᠢ ᠶᠢᠨ ᠰᠤᠩᠭᠤᠳᠠᠭ ᠲᠤᠬᠳᠠᠯᠴᠠᠭ᠎ᠠ  ᠨᠤᠭᠤᠳ ᠠᠴᠠ ᠠᠯᠤᠰᠯᠠᠨ ᠲᠠᠪᠠᠭᠰᠠᠨ ᠬᠡᠵᠤ ᠨᠠᠶᠢᠳᠠ ᠳᠤ ᠲᠤᠩᠬᠠᠯᠠᠬᠰᠠᠨ  ᠪᠠᠶᠢᠨ᠎ᠠ᠃  ᠡᠷᠳᠠᠮ ᠰᠢᠠᠵᠢᠯᠠᠬᠡᠨ ᠤ  ᠬᠢᠨ ᠴᠦ᠄ ︽ᠸ᠊ · ᠰᠠᠶᠢᠠᠴᠤᠬᠳᠤ ᠶᠢᠨ ᠠᠮᠢᠨᠢᠰᠮ ᠤᠨ ᠲᠤᠬᠳᠠᠯᠴᠠᠭ᠎ᠠ ᠪᠤᠯ ᠱᠠᠰᠢᠨ   ᠤ ᠬᠥᠮᠥᠨ ᠵᠥᠢ ᠶᠢᠨ ᠰᠢᠨ᠎ᠠ ᠦᠵᠠᠯ ᠰᠠᠨᠠᠭ᠎ᠠ ᠪᠤᠯᠥᠬᠰᠠᠨ︾ ᠬᠡᠵᠤ ᠥᠠᠳᠤᠷ ᠥᠨᠠᠯᠠᠵᠤ ᠪᠤᠢ ︵ᠲᠥ᠊ · ᠥᠯᠵᠠᠢ᠄ ︽︿ ᠠᠮᠢ ᠶᠢᠨ ᠰᠢᠳᠤᠯᠬᠡ﹀ ᠨᠤᠮ ᠤᠨ ᠰᠢᠬᠦᠮᠵᠢ︾᠂  ︿ᠥᠪᠤᠷ ᠮᠤᠩᠭᠤᠯ ᠤᠨ ᠡᠳᠤᠷ ᠤᠨ ᠰᠤᠨᠢᠨ﹀ 2000. 7 . 12  ︶᠃           ᠡᠷᠳᠠᠨ ᠤ ᠰᠤᠳᠤᠯᠤᠯ ︵ᠠᠷᠬᠢᠯᠥᠬᠢ︶ ᠤᠨ ᠲᠠᠯ᠎ᠠ ᠳᠤ ᠲᠠᠷᠨ ᠪᠠᠷ ᠮᠤᠩᠭᠤᠯ ᠤᠨ ᠬᠠᠭᠤᠴᠢᠨ ᠴᠢᠯᠠᠭᠤ᠂   ᠰᠢᠨ᠎ᠠ ᠴᠢᠯᠠᠭᠤ᠂  ᠬᠥᠷᠠᠯ ᠤᠨ ᠥᠶ᠎ᠠ ᠶᠢᠨ ᠡᠳ᠋ ᠥᠯᠥᠭ ᠤᠨ ᠡᠯᠪᠡᠭ ᠪᠠᠶᠠᠨ ᠲᠤᠷᠠᠰᠬᠠᠯ ᠢ ᠴᠤᠭᠯᠠᠭᠤᠯᠥᠨ  ᠬᠠᠳᠠᠭᠠᠯᠠᠵᠤ᠂  ᠰᠤᠳᠤᠯᠤᠬᠴᠢᠥᠨ ᠤᠨ ᠬᠡᠷᠡᠭᠴᠠᠬᠡᠨ ᠳᠤ ᠵᠤᠷᠢᠭᠤᠯᠥᠨ ᠥᠭᠴᠤ ᠪᠤᠢ᠃ 1999  ᠤᠨ ᠳᠤ ᠸ᠊ ·  ᠰᠠᠶᠢᠠᠴᠤᠬᠳᠤ ᠶᠢᠨ ︽ᠠᠮᠢ ᠶᠢᠨ ᠰᠢᠳᠤᠯᠬᠡ︾ ᠬᠡᠬᠦ ᠨᠤᠮ ᠨᠢ ᠲᠥᠷᠤ ᠶᠢᠨ ᠱᠠᠩᠨᠠᠯ— ︽ᠲᠤᠮᠳᠠᠳᠤ  ᠤᠯᠤᠰ  ᠤᠨ ᠥᠠᠳᠤᠰᠤᠳᠠᠨ ᠤ ᠨᠤᠮ ᠪᠢᠴᠢᠭ ᠤᠨ ᠱᠠᠩᠨᠠᠯ︾ ᠢ ᠬᠥᠷᠳᠠᠵᠠᠢ᠃ ᠤᠳᠤ ᠵᠠᠷᠢᠮ ᠰᠤᠳᠤᠯᠥᠬᠴᠢᠥᠨ  ᠡᠬᠢᠯᠠᠬᠡᠥᠨ ᠸ᠊ · ᠰᠠᠶᠢᠠᠴᠤᠬᠳᠤ ᠶᠢᠨ ᠲᠤᠬᠠᠢ ᠰᠤᠳᠤᠯᠵᠤ ᠰᠢᠠᠵᠢᠯᠠᠵᠤ ᠪᠠᠶᠢᠬᠤ ᠪᠠ ︽ᠮᠤᠩᠭᠤᠯ ᠰᠤᠳᠤᠯᠤᠯ ᠤᠨ  ᠨᠠᠪᠳᠠᠷᠬᠡᠢ ᠲᠤᠯᠢ︾ ᠵᠠᠷᠬᠡ ᠲᠤᠮᠤᠬᠠᠨ ᠲᠠᠶᠢᠯᠪᠤᠷᠢ ᠲᠤᠯᠢ ᠨᠤᠭᠤᠳ ᠲᠤ ᠲᠠᠬᠦᠨ ᠤ ᠨᠤᠮ ᠵᠤᠬᠢᠶᠠᠯ ᠤᠨ ᠲᠤᠬᠠᠢ ᠤᠯᠠᠨ   ᠵᠤᠷᠪᠤᠰ ᠤᠷᠤᠬᠰᠠᠨ ᠪᠠᠶᠢᠳᠠᠭ᠃  ᠨᠠᠶᠢᠬᠡᠮ ᠤᠨ ᠦᠵᠠᠯ ᠰᠠᠨᠠᠭᠠᠨ ᠳᠤ ᠥᠭᠬᠦᠭᠰᠠᠨ ᠸ᠊ · ᠰᠠᠶᠢᠠᠴᠤᠬᠳᠤ  ᠶᠢᠨ ᠨᠥᠯᠥᠬᠡ   ᠶᠢ ᠴᠤ ᠰᠤᠳᠤᠯᠥᠬᠴᠢᠥᠨ ᠡᠬᠢᠯᠠᠬᠡᠥᠨ ᠠᠩᠬᠠᠷᠴᠤ ᠪᠤᠢ᠃  ᠸ᠊ · ᠰᠠᠶᠢᠠᠴᠤᠬᠳᠤ ᠤᠳᠤ ︽ᠰᠤᠶᠤᠯ  ᠤᠨ ᠬᠥᠮᠥᠨ ᠵᠥᠢ︾᠂ ︽20 ᠳ᠋ᠤᠭᠠᠷ ᠵᠠᠭᠤᠨ ᠤ ᠥᠪᠤᠷ ᠮᠤᠩᠭᠤᠯ  ᠤᠷᠠᠨ ᠵᠤᠬᠢᠶᠠᠯ ᠤᠨ ᠲᠤᠯᠢ ᠪᠢᠴᠢᠭ︾ ᠵᠠᠷᠬᠡ ᠪᠥᠳᠤᠬᠡᠯ   ᠢᠶᠠᠨ  ᠬᠡᠪᠯᠠᠯ ᠳᠤ ᠪᠠᠯᠠᠥᠠᠬᠡᠵᠤ ᠪᠠᠶᠢᠬᠤ ᠶᠢᠨ ᠬᠠᠮᠳᠤ ᠮᠤᠩᠭᠤᠯ ᠤᠯᠤᠰ ᠤᠨ ᠰᠢᠠᠵᠢᠯᠠᠬᠦ ᠤᠬᠠᠭᠠᠨ ᠤ ᠠᠺᠠᠳᠧᠮᠢ ᠶᠢᠨ  ᠹᠢᠯᠥᠰᠹᠢ ᠰᠤᠽᠢᠶᠠᠯᠥᠬᠢ ᠶᠢᠨ ᠬᠥᠷᠢᠶᠠᠯᠠᠩ ᠳᠤ ᠳ᠋ᠤᠺᠲ᠋ᠤᠷ ᠤᠨ ᠵᠠᠷᠬᠡ ᠭᠤᠷᠢᠯᠠᠬᠤ ᠪᠢᠴᠢᠭ ᠵᠤᠬᠢᠶᠠᠯ ᠢᠶᠠᠨ  ᠲᠠᠪᠰᠢᠬᠦᠯᠥᠬᠡᠥᠨ ᠪᠠᠶᠢᠭ᠎ᠠ ᠶᠤᠮ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号