ᠬᠤᠷᠸ᠎ᠠ ᠳᠤ ᠪᠢ ᠦᠨᠡᠨᠴᠢ ᠶᠠᠪᠤᠨ᠎ᠠ
ᠨᠡᠶᠢᠲᠡᠯᠡᠭᠰᠡᠨ ᠴᠠᠭ᠄
2017/4/14
              ᠭᠡᠭᠡᠨᠰᠠᠷᠠᠭᠤᠯᠬᠤᠷᠸ᠎ᠠ ᠳᠤ ᠪᠢ ᠦᠨᠡᠨᠴᠢ ᠶᠠᠪᠤᠨ᠎ᠠᠦᠵᠡᠯ ᠪᠣᠶᠣ ᠡᠭᠡᠯ ᠪᠡᠶ᠎ᠡ ᠪᠠᠨ ᠨᠣᠴᠤᠭᠠᠵᠤᠣᠯᠵᠤ ᠬᠠᠷᠠᠭ᠎ᠠ ᠦᠭᠡᠢ ᠲᠡᠷᠡ ᠠᠮᠢᠳᠤᠷᠠᠯ ᠤᠨ ᠰᠠᠶᠢᠬᠠᠨ ᠢᠦᠷ ᠤᠨ ᠵᠡᠭᠦᠳᠦᠨ ᠳᠡᠭᠡᠨ ᠮᠡᠨᠠᠵᠤᠬᠠᠭᠠᠰᠯᠠᠯ ᠦᠭᠡᠢ ᠦᠨᠡᠨᠴᠢ ᠪᠠᠷ ᠶᠠᠪᠤᠨ᠎ᠠᠬᠤᠷᠸ᠎ᠠ ᠳᠤ ᠲᠣᠭᠠᠲᠠᠢ ᠨᠠᠰᠤ ᠪᠠᠨᠬᠤᠳᠠᠯ ᠢᠶᠠᠷ ᠬᠤᠷᠤᠭᠠᠬᠤ ᠳᠤᠷ᠎ᠠ ᠦᠭᠡᠢ ᠶᠠᠪᠤᠨ᠎ᠠᠬᠤᠷᠤᠮᠬᠠᠨ ᠴᠤ ᠦᠩᠭᠡᠷᠡᠭᠡᠳ ᠣᠳᠤᠭᠰᠠᠨ ᠴᠠᠭ ᠤᠨ ᠬᠤᠶᠢᠨ᠎ᠠ ᠠᠴᠠᠬᠠᠷᠠᠮᠰᠠᠯ ᠦᠯᠡᠳᠡᠭᠡᠬᠦ ᠦᠭᠡᠢ ᠦᠨᠡᠨᠴᠢ ᠶᠠᠪᠤᠨ᠎ᠠᠬᠤᠷᠸ᠎ᠠ ᠳᠤ ᠪᠢ ᠦᠨᠡᠨᠴᠢ ᠶᠠᠪᠤᠨ᠎ᠠᠡᠬᠡ ᠨᠤᠲᠤᠭ᠂ ᠡᠯᠢᠭᠡᠨ ᠲᠦᠷᠤᠯᠲᠡᠨ ᠢᠶᠠᠨ ᠭᠡᠵᠦᠳᠠᠭᠤᠯᠠᠬᠤ ᠪᠠᠷ ᠪᠢᠰᠢ ᠦᠨᠡᠨᠴᠢ ᠪᠠᠷ ᠰᠠᠨᠠᠵᠤᠡᠷᠭᠦᠵᠦ ᠨᠠᠰᠤ ᠪᠡᠶ᠎ᠡ ᠪᠠᠨ ᠲᠡᠭᠦᠨ ᠤ ᠲᠦᠯᠦᠭᠡᠲᠠᠲᠠᠭᠠᠯᠵᠠᠯ ᠦᠭᠡᠢ ᠵᠣᠷᠢᠭᠤᠯᠵᠤ ᠶᠠᠪᠤᠨ᠎ᠠᠡᠭᠡᠰᠢᠭ ᠢᠶᠠᠷ ᠪᠢᠰᠢ ᠦᠨᠡᠨᠴᠢ ᠪᠠᠷ ᠪᠢ ᠶᠠᠪᠤᠨ᠎ᠠᠬᠤᠷᠸ᠎ᠠ ᠳᠤ ᠪᠢ ᠦᠨᠡᠨᠴᠢ ᠶᠠᠪᠤᠨ᠎ᠠᠦᠬᠡᠷ ᠲᠡᠷᠭᠡ ᠪᠠᠷ ᠲᠡᠥᠯᠠᠢ ᠭᠦᠢᠴᠡᠨ᠎ᠡ ᠭᠡᠵᠦᠣᠷᠴᠢᠯᠠᠩ ᠤᠨ ᠵᠢᠮ᠎ᠡ ᠶᠢ ᠰᠠᠨᠠᠵᠤ ᠶᠠᠪᠤᠨ᠎ᠠᠦᠵᠡᠭᠦᠯᠬᠦ ᠶᠢᠨ ᠲᠦᠯᠦᠭᠡ ᠯᠠ ᠪᠢᠰᠢᠰᠡᠳᠭᠢᠯ ᠤᠨ ᠲᠠᠮᠢᠷ ᠢᠶᠠᠷ ᠢᠶᠠᠨᠦᠨᠡᠨ ᠤ ᠬᠤᠷᠸ᠎ᠠ ᠶᠢ ᠢᠲᠡᠭᠡᠵᠦ ᠶᠠᠪᠤᠨ᠎ᠠ᠃ᠬᠤᠷᠸ᠎ᠠ ᠳᠤ ᠪᠢ ᠦᠨᠡᠨᠴᠢ ᠶᠠᠪᠤᠨ᠎ᠠᠵᠢᠩ ᠢᠶᠠᠷ ᠵᠢᠩᠨᠡᠵᠦ ᠦᠨ᠎ᠡ ᠪᠠᠷ ᠬᠤᠳᠠᠯᠳᠤᠯ ᠦᠭᠡᠢᠵᠢᠷᠤᠬᠡᠨ ᠲᠤᠯᠲᠤ ᠪᠠᠷ ᠢᠶᠠᠨ ᠡᠷᠭᠦᠵᠦ ᠶᠠᠪᠤᠨ᠎ᠠᠪᠦᠬᠦᠶᠢᠵᠦ ᠬᠡᠨ ᠨᠢᠭᠡᠨ ᠳᠤᠨᠢ ᠨᠤᠭᠤᠷᠠᠯ ᠦᠭᠡᠢᠦᠨᠡᠨᠴᠢ ᠭᠡᠳ ᠯᠠ ᠬᠡᠵᠢᠶᠡᠲᠡ ᠭᠡᠳᠡᠶᠢᠵᠦ ᠶᠠᠪᠤᠨ᠎ᠠᠦᠷᠭᠡᠨ ᠬᠤᠷᠸ᠎ᠠ ᠳᠤ ᠪᠢ ᠲᠡᠨᠡᠭ ᠰᠢᠭ ᠶᠠᠪᠤᠨ᠎ᠠ᠃ᠬᠤᠷᠸ᠎ᠠ ᠳᠤ ᠪᠢ ᠦᠨᠡᠨᠴᠢ ᠶᠠᠪᠤᠨ᠎ᠠᠬᠤᠯᠤ ᠲᠠᠢ ᠠᠷᠢᠬᠢ ᠪᠠᠷ ᠰᠣᠯᠢᠴᠢᠬᠠᠬᠤ ᠯᠠ ᠦᠭᠡᠢᠬᠤᠯᠢᠵᠤ ᠬᠠᠭᠠᠰᠯᠠᠭᠠᠳ ᠰᠠᠮᠤᠷᠠᠴᠢᠬᠠᠬᠤ ᠯᠠ ᠦᠭᠡᠢᠬᠠᠶᠢᠷ᠎ᠠ ᠶᠢᠨ ᠤᠶᠠᠬᠠᠨ ᠽᠠᠮᠪᠤᠯᠢᠩ ᠢ ᠬᠤᠯᠢᠴᠠ ᠦᠭᠡᠢ ᠲᠤᠭᠤᠯᠤᠨ᠎ᠠᠬᠠᠨ ᠪᠠᠶᠢᠭᠠᠯᠢ ᠶᠢᠨ ᠵᠢᠷᠤᠮ ᠢ ᠬᠠᠥᠯᠢ ᠰᠢᠭ᠋ ᠳᠠᠭᠠᠵᠤ ᠶᠠᠪᠤᠨ᠎ᠠᠬᠤᠷᠸ᠎ᠠ ᠶᠢᠨ ᠨᠢᠭᠡ ᠶᠣᠰᠤᠨ ᠢᠶᠠᠷ ᠦᠨᠡᠨᠴᠢ ᠶᠠᠪᠤᠨ᠎ᠠ᠃ᠬᠤᠷᠸ᠎ᠠ ᠳᠤ ᠪᠢ ᠦᠨᠡᠨᠴᠢ ᠶᠠᠪᠤᠨ᠎ᠠᠤᠨᠠᠭᠰᠠᠨ ᠰᠢᠷᠤᠢ ᠳᠠᠭᠠᠨ ᠦᠨᠡᠨᠴᠢᠦᠨᠳᠤᠰᠦᠲᠡᠨ ᠲᠦᠮᠡᠨ ᠳᠡᠭᠡᠨ ᠦᠨᠡᠨᠴᠢᠡᠷᠭᠦᠭᠰᠡᠨ ᠤᠶᠢᠯᠡᠰ ᠲᠡᠭᠡᠨ ᠦᠨᠡᠨᠴᠢᠦᠶᠡᠷᠭᠡᠭᠰᠡᠨ ᠪᠦᠬᠦᠨ ᠳᠡᠭᠡᠨ ᠦᠨᠡᠨᠴᠢᠣᠯᠳᠠᠭᠰᠠᠨ ᠡᠨᠡ ᠨᠠᠰᠤᠨ ᠤ ᠬᠤᠪᠢᠳᠠᠭᠰᠠᠨ ᠪᠦᠭᠦᠨ ᠳᠡᠭᠡᠨ ᠦᠨᠡᠨᠴᠢ ᠪᠢ ᠶᠠᠪᠤᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号