| | | | ᠮᠣᠩᠭᠤᠯᠴᠤᠳ ᠤᠨ ᠡᠷᠲᠡᠨ ᠠᠴᠠ ᠬᠡᠷᠡᠭᠯᠡᠵᠦ ᠢᠷᠡᠭᠰᠡᠨ ᠰᠢᠷ᠎ᠠ ᠲᠤᠰᠤ ᠨᠢ ᠬᠦᠮᠦᠨ ᠤ ᠪᠡᠶ᠎ᠡ ᠶᠢᠨ | ᠡᠷᠡᠭᠦᠯ ᠮᠡᠨᠳᠦ ᠳᠤ ᠮᠠᠰᠢ ᠠᠰᠢᠭᠲᠠᠢ᠃ ᠸᠢᠲ᠋ᠠᠮᠢᠨ A.E ᠢᠰᠦᠯᠳᠦᠬᠦ ᠶᠢ ᠡᠰᠡᠷᠭᠦᠴᠡᠯᠳᠦᠭᠴᠢ ᠮᠠᠰᠢ ᠪᠠᠶᠠᠯᠢᠭ | ᠪᠠᠶᠢᠳᠠᠭ᠃ ᠢᠰᠦᠯᠳᠦᠬᠦ ᠶᠢ ᠡᠰᠡᠷᠭᠦᠴᠡᠯᠳᠦᠭᠴᠢ ᠨᠢ ᠴᠢᠯᠦᠭᠡᠲᠦ ᠪᠦᠯᠦᠭ ᠲᠠᠢ ᠲᠡᠮᠡᠴᠡᠵᠦ᠂ ᠵᠢᠷᠦᠬᠡ ᠰᠣᠳᠠᠰᠤ᠂ | ᠦᠯᠦ ᠬᠠᠯᠳᠠᠭᠠᠬᠤ ᠰᠢᠰᠲ᠋ᠧᠮ ᠳᠤ ᠰᠠᠶᠢᠨ ᠢᠶᠠᠷ ᠨᠦᠯᠦᠭᠡᠯᠡᠳᠡᠭ ᠪᠠᠶᠢᠨ᠎ᠠ᠃ ᠰᠢᠷ᠎ᠠ ᠲᠣᠰᠤ ᠬᠡᠷᠡᠭᠯᠡᠬᠦ ᠠᠷᠪᠠᠨ | ᠰᠢᠯᠲᠠᠭᠠᠨ᠄ 1. ᠰᠢᠷ᠎ᠠ ᠲᠣᠰᠤ ᠨᠢ ᠪᠣᠰᠤᠳ ᠲᠤᠰᠤᠨ ᠠᠴᠠ ᠢᠯᠡᠭᠦᠦ ᠦᠨᠳᠦᠷ 160 — 190 | ᠭᠷᠠᠳᠦ᠋ᠰ ᠲᠤ ᠬᠦᠷᠲᠡᠯ᠎ᠡ ᠲᠡᠰᠪᠦᠷᠢᠯᠡᠬᠦ ᠴᠢᠳᠠᠪᠤᠷᠢ ᠲᠠᠢ ᠪᠠᠶᠢᠳᠠᠭ᠂ ᠬᠤᠭᠤᠯᠠ ᠬᠢᠬᠦ ᠳᠤ ᠪᠣᠰᠤᠳ ᠲᠤᠰᠤᠨ ᠠᠴᠠ | ᠢᠯᠡᠭᠦᠦ ᠲᠤᠬᠢᠷᠠᠮᠵᠢᠲᠠᠢ ᠪᠠᠶᠢᠳᠠᠭ᠃ 2. ᠰᠠᠶᠢᠬᠠᠨ ᠠᠮᠲᠠᠲᠠᠢ᠃ ᠰᠢᠷ᠎ᠠ ᠲᠤᠰᠤ ᠨᠢ ᠪᠣᠰᠤᠳ ᠲᠣᠰᠤ ᠶᠢ ᠪᠣᠳᠣᠪᠠᠯ | ᠢᠯᠡᠭᠦᠦ ᠦᠳᠭᠡᠨ᠂ ᠰᠠᠶᠢᠨ ᠱᠦᠭᠦᠭᠳᠡᠭᠰᠡᠨ ᠪᠠᠶᠢᠳᠠᠭ᠃ ᠬᠤᠭᠤᠯᠠᠨ ᠳᠤ ᠮᠠᠰᠢ ᠭᠤᠶᠤ ᠠᠮᠲᠠ ᠣᠷᠣᠭᠤᠯᠳᠠᠭ᠃ | 3. ᠬᠠᠳᠠᠭᠠᠯᠠᠯᠲᠠ ᠶᠢᠨ ᠬᠤᠭᠤᠴᠠᠭ᠎ᠠ ᠤᠷᠲᠤ᠃ ᠢᠰᠦᠯᠳᠦᠯ ᠤᠨ ᠲᠦᠪᠰᠢᠨ ᠪᠠᠭ᠎ᠠ ᠠᠴᠠ ᠬᠦᠷᠦᠭᠡᠭᠴᠢ ᠳᠤ ᠬᠢᠬᠦ | ᠦᠭᠡᠢ ᠬᠠᠳᠠᠭᠠᠯᠠᠵᠤ ᠪᠣᠯᠳᠠᠭ᠃ 4. ᠰᠢᠩᠭᠡᠴᠡ ᠨᠢ ᠬᠤᠷᠳᠤᠨ᠃ ᠬᠤᠳᠤᠭᠤᠳᠤᠨ ᠤ ᠱᠦᠭᠦᠷᠡᠯ ᠢ ᠦᠳᠦᠭᠡᠵᠦ | ᠬᠤᠭᠤᠯᠠ ᠪᠣᠯᠪᠠᠰᠤᠷᠠᠭᠤᠯᠲᠠ ᠳᠤ ᠲᠤᠰᠠᠲᠠᠢ᠃ 5. ᠦᠯᠦ ᠬᠠᠯᠳᠠᠭᠠᠬᠤ ᠰᠢᠰᠲ᠋ᠧᠮ ᠢ ᠰᠠᠶᠢᠵᠢᠷᠠᠭᠤᠯᠳᠠᠭ᠃ | ᠰᠣᠳᠣᠯᠭᠠᠨ ᠢᠶᠠᠷ ᠰᠢᠷ᠎ᠠ ᠲᠣᠰᠤᠨ ᠤ ᠨᠠᠶᠢᠷᠠᠯᠭ᠎ᠠ ᠳᠤ ᠪᠠᠶᠢᠳᠠᠭ ᠹᠧᠨᠦᠯ ᠢᠰᠦᠯᠳᠦᠬᠦ ᠶᠢ ᠡᠰᠡᠷᠭᠦᠴᠡᠭᠴᠢ ᠨᠢ ᠦᠯᠦ | ᠬᠠᠯᠳᠠᠭᠠᠬᠤ ᠰᠢᠰᠲ᠋ᠧᠮ ᠢ ᠰᠠᠶᠢᠵᠢᠷᠠᠭᠤᠯᠳᠠᠭ ᠢ ᠲᠤᠭᠲᠠᠭᠠᠵᠠᠢ᠃ 6. ᠰᠦᠰᠦᠨ ᠤ ᠭᠤᠨᠠᠨ ᠠᠯᠺᠣᠯ ᠢ | ᠪᠠᠭᠤᠷᠠᠭᠤᠯᠤᠨ᠎ᠠ᠃ ᠰᠢᠷ᠎ᠠ ᠲᠣᠰᠤᠨ ᠳᠤ ᠠᠭᠤᠯᠤᠭᠳᠠᠳᠠᠭ ᠬᠤᠯᠪᠤᠭᠰᠠᠨ ᠣᠯᠣᠰᠣᠨ ᠬᠦᠴᠢᠯ ᠨᠢ ᠪᠡᠶ᠎ᠡ ᠳᠤ ᠬᠢ | ᠰᠦᠰᠦᠨ ᠤ ᠭᠤᠨᠠᠨ ᠠᠯᠺᠣᠯ ᠤᠨ ᠲᠦᠪᠰᠢᠨ ᠪᠣᠯᠣᠨ ᠭᠯᠢᠼᠧᠷᠢᠨ ᠤ ᠲᠦᠪᠰᠢᠨ ᠢ ᠪᠠᠭᠠᠰᠬᠠᠳᠠᠭ᠃ 7. ᠨᠢᠳᠦᠨ ᠤ | ᠬᠠᠷᠠᠭ᠎ᠠ ᠶᠢ ᠰᠠᠶᠢᠵᠢᠷᠠᠭᠤᠯᠳᠠᠭ᠃ ᠨᠢᠳᠦᠨ ᠤ ᠡᠮᠭᠡᠭ ᠪᠣᠯᠣᠨ ᠨᠢᠳᠦᠨ ᠤ ᠦᠯᠦ ᠬᠠᠯᠳᠠᠭᠠᠬᠤ ᠴᠢᠳᠠᠪᠤᠷᠢ ᠶᠢ ᠮᠠᠰᠢ | ᠰᠠᠶᠢᠨ ᠢᠶᠠᠷ ᠨᠦᠯᠦᠭᠡᠯᠡᠳᠡᠭ᠃ 8. ᠠᠷᠢᠬᠢ ᠪᠣᠯᠣᠨ ᠬᠠᠷ᠎ᠠ ᠲᠠᠮᠠᠬᠢᠨ ᠤ ᠡᠮᠴᠢᠯᠡᠭᠡ ᠪᠣᠯᠳᠠᠭ᠃ ᠬᠤᠤᠷᠲᠤ | ᠪᠣᠳᠠᠰ ᠲᠤ ᠬᠤᠤᠷᠳᠠᠭᠳᠠᠭᠰᠠᠨ ᠪᠡᠶ᠎ᠡ ᠶᠢ ᠡᠷᠡᠭᠦᠯᠵᠢᠬᠦᠯᠬᠦ ᠳᠤ ᠰᠢᠷ᠎ᠠ ᠲᠣᠰᠤ ᠮᠠᠰᠢ ᠴᠢᠬᠤᠯᠠ ᠨᠦᠯᠦᠭᠡ ᠲᠠᠢ | ᠪᠠᠶᠢᠳᠠᠭ᠃ ᠬᠤᠤᠷ ᠢ ᠪᠡᠶ᠎ᠡ ᠠᠴᠠ ᠬᠦᠭᠡᠭᠡᠵᠦ ᠭᠠᠷᠭᠠᠳᠠᠭ᠃ 9. ᠦᠷᠪᠢᠰᠦᠯ ᠢ ᠡᠮᠨᠡᠳᠡᠭ᠃ ᠰᠢᠷ᠎ᠠ ᠲᠣᠰᠣ ᠨᠢ | ᠦᠷᠪᠢᠰᠦᠯ ᠡᠭᠦᠰᠭᠡᠳᠡᠭ ᠯᠸᠢᠺᠣᠳ᠋ᠷᠢᠨ ᠱᠦᠭᠦᠷᠡᠯ᠂ ᠤᠷᠢᠳᠤ ᠪᠣᠯᠴᠢᠷᠬᠠᠢ ᠶᠢᠨ ᠰᠢᠩᠭᠡᠨ ᠢ ᠪᠠᠭᠠᠰᠬᠠᠵᠤ ᠲᠡᠭᠦᠨ ᠤ | ᠡᠰᠡᠷᠭᠦ ᠮᠠᠰᠢ ᠰᠠᠶᠢᠨ ᠦᠢᠯᠡᠴᠢᠯᠡᠭᠡ ᠦᠵᠡᠭᠦᠯᠳᠡᠭ᠃ 10. ᠵᠢᠩ ᠬᠠᠰᠤᠨ᠎ᠠ᠃ ᠰᠢᠷ᠎ᠠ ᠲᠣᠰᠣ ᠳᠤ ᠬᠢ ᠯᠢᠨᠦᠯᠧᠨᠢ | ᠬᠦᠴᠢᠯ ᠨᠢ ᠪᠣᠳᠠᠰ ᠤᠨ ᠰᠣᠯᠢᠯᠴᠠᠭ᠎ᠠ ᠶᠢ ᠲᠦᠷᠭᠡᠳᠭᠡᠳᠡᠭ᠃ ᠮᠦᠨ ᠲᠤᠷᠠᠬᠤ ᠳᠤ ᠮᠠᠰᠢ ᠰᠠᠶᠢᠨ ᠦᠢᠯᠡᠴᠢᠯᠡᠭᠡ ᠲᠠᠢ | ᠪᠠᠶᠢᠳᠠᠭ᠃ ᠢᠯᠠᠩᠭᠤᠶ᠎ᠠ ᠭᠡᠳᠡᠰᠦᠨ ᠤ ᠦᠭᠡᠬᠦ ᠶᠢ ᠬᠤᠷᠳᠤᠨ ᠠᠷᠢᠯᠭᠠᠳᠠᠭ᠃ | |