ᠬᠤᠨᠢᠨ ᠤ ᠶᠠᠰᠤᠨ ᠤ ᠨᠠᠷᠢᠨ ᠨᠡᠷᠡᠶᠢᠳᠣᠯ
ᠨᠡᠶᠢᠲᠡᠯᠡᠭᠰᠡᠨ ᠴᠠᠭ᠄
2021/10/28
         ᠬᠤᠨᠢᠨ ᠤ ᠪᠦᠬᠦᠯᠢ ᠪᠡᠶ᠎ᠡ ᠶᠢᠨ ᠶᠠᠰᠦ ᠶᠢ ᠶᠡᠷᠦᠩᠬᠡᠢ ᠳᠤᠨᠢ ᠬᠤᠨᠢᠨ ᠶᠠᠰᠦ ᠭᠡᠨ᠎ᠡ᠂ ᠡᠭᠦᠨ ᠤ ᠲᠣᠲᠣᠷ᠎ᠠ ᠨᠠᠷᠢᠨ ᠬᠤᠪᠢᠶᠠᠷᠢ ᠲᠠᠢ ᠪᠠᠶᠢᠳᠠᠭ᠃ ᠲᠣᠯᠣᠭᠠᠢ ᠶᠢᠨ ᠶᠠᠰᠦ᠄ ᠡᠭᠦᠨ ᠳᠤ ᠭᠠᠪᠠᠯᠠ ᠶᠢᠨ ᠶᠠᠰᠦ᠂ ᠬᠠᠮᠠᠷ ᠤᠨ ᠶᠠᠰᠦ᠂ ᠬᠠᠮᠠᠷ ᠤᠨ ᠮᠦᠭᠡᠷᠰᠦ᠂ ᠡᠷᠡᠦ᠂ ᠣᠬᠤᠷᠬᠠᠢ ᠭᠡᠵᠦ ᠬᠤᠪᠢᠶᠠᠨ᠎ᠠ᠃ ᠬᠦᠵᠣᠭᠦᠦ ᠶᠢᠨ ᠶᠠᠰᠦ᠄ ᠡᠭᠦᠨ ᠳᠤ ᠠᠮᠠᠨ ᠬᠦᠵᠦᠭᠦᠦ ᠪᠣᠰᠣᠳ ᠢ ᠨᠢ ᠬᠦᠵᠦᠭᠦᠦ ᠶᠢᠨ ᠶᠠᠰᠦ ᠭᠡᠵᠦ ᠬᠤᠪᠢᠶᠠᠨ᠎ᠠ᠃ ᠡᠪᠴᠢᠭᠦᠦ ᠶᠢᠨ ᠶᠠᠰᠦ᠄ ᠡᠭᠦᠨ ᠳᠤ ᠪᠦᠳᠣᠷᠬᠡᠢ᠂ ᠬᠤᠷᠣᠭᠤ᠂ ᠠᠮᠢᠯᠬᠠᠢ ᠶᠢᠨ ᠮᠦᠭᠡᠷᠰᠦ᠂ ᠰᠦᠪᠡᠷᠭᠡᠳᠡᠰᠦ ᠭᠡᠵᠦ ᠬᠤᠪᠢᠶᠠᠨ᠎ᠠ᠃ ᠰᠡᠭᠡᠷ ᠶᠢᠨ ᠶᠠᠰᠦ᠄ ᠡᠭᠦᠨ ᠳᠤ ᠮᠣᠬᠤᠭᠤ ᠰᠡᠭᠡᠷ᠂ ᠣᠷᠲᠦ ᠰᠡᠭᠡᠷ ᠭᠡᠵᠦ ᠬᠤᠪᠢᠶᠠᠨ᠎ᠠ᠃ ᠡᠮᠦᠨ᠎ᠡ ᠬᠦᠯ ᠶᠢᠨ ᠶᠠᠰᠦ ︵ᠬᠠ︶᠄ ᠡᠭᠦᠨ ᠳᠤ ᠳᠠᠯᠦ᠂ ᠳᠠᠯᠦ ᠶᠢᠨ ᠲᠣᠭᠤᠭ᠎ᠠ᠂ ᠬᠤᠲᠠ᠂ ᠣᠮᠤᠭ᠂ ᠮᠦᠭᠡᠷᠰᠦ᠃ ᠪᠣᠭᠲᠣᠭᠤᠰᠤ᠂ ᠰᠢᠯᠪᠢ᠂ ᠲᠣᠭᠤᠯᠮᠠᠢ᠂ ᠲᠤᠶᠢᠭ ᠭᠡᠵᠦ ᠶᠡᠭᠡ ᠲᠦᠯᠦᠪ ᠬᠤᠪᠢᠶᠠᠨ᠎ᠠ᠃ ᠬᠠᠪᠢᠷᠭ᠎ᠠ ᠶᠢᠨ ᠶᠠᠰᠦ᠄ ᠡᠭᠦᠨ ᠳᠤ ᠪᠣᠭᠤᠨᠢ ᠬᠠᠪᠢᠷᠭ᠎ᠠ ᠂ ᠰᠦᠪᠡᠷᠭᠡᠳᠡᠰᠦ ᠶᠢᠨ ᠬᠠᠪᠢᠷᠭ᠎ᠠ᠂ ᠣᠷᠲᠦ ᠬᠠᠪᠢᠷᠭ᠎ᠠ ᠭᠡᠵᠦ ᠬᠤᠪᠢᠶᠠᠬᠤ ᠪᠦᠭᠡᠳ ᠬᠠᠪᠢᠷᠭ᠎ᠠ ᠶᠢᠨ ᠪᠣᠷ᠎ᠡ ᠭᠡᠵᠦ ᠪᠠᠰᠠ ᠰᠠᠯᠭᠠᠵᠦ ᠨᠡᠷᠡᠯᠡᠳᠡᠭ᠃ ᠨᠢᠷᠣᠭᠤ ᠶᠢᠨ ᠶᠠᠰᠦ᠄ ᠡᠭᠦᠨ ᠳᠤ ᠠᠰᠠᠭᠤᠬᠤ ᠨᠢᠷᠣᠭᠤ᠂ ᠶᠡᠷᠦ ᠶᠢᠨ ᠨᠢᠷᠣᠭᠤ ᠭᠡᠬᠦ ᠪᠦᠭᠡᠳ ᠨᠢᠷᠣᠭᠤᠨ ᠤ ᠰᠡᠷᠪᠡᠭᠡ ᠭᠡᠵᠦ ᠰᠠᠯᠭᠠᠵᠦ ᠳᠠᠭᠤᠳᠠᠨ᠎ᠠ᠃ ᠬᠤᠶᠢᠲᠦ ᠬᠦᠯ ᠤᠨ ᠶᠠᠰᠦ ︵ᠭᠤᠶ᠎ᠠ︶᠄ ᠡᠭᠦᠨ ᠳᠤ ᠰᠡᠭᠦᠵᠢ ︵ᠰᠡᠭᠦᠵᠢ ᠶᠢᠨ ᠲᠣᠯᠣᠭᠠᠢ᠂ ᠰᠡᠭᠦᠵᠢ ᠶᠢᠨ ᠨᠦᠬᠡ᠂ ᠰᠡᠭᠦᠵᠢ ᠶᠢᠨ ᠪᠡᠶ᠎ᠡ︶᠂ ᠳᠣᠮᠳᠠ ᠴᠢᠮᠦᠭᠡ ︵ᠴᠢᠮᠦᠭᠡᠨ ᠲᠣᠯᠣᠭᠠᠢ᠂ ᠴᠢᠮᠦᠭᠡᠨ ᠪᠡᠶ᠎ᠡ︶᠂ ᠱᠠᠭᠠᠨᠲᠦ᠂ ᠱᠠᠭ᠎ᠠ᠂ ᠰᠢᠯᠪᠢ᠂ ᠲᠣᠭᠤᠯᠮᠠᠢ ᠭᠡᠵᠦ ᠬᠤᠪᠢᠶᠠᠨ᠎ᠠ᠃ ᠭᠤᠳᠣᠩ ᠤᠨ ᠶᠠᠰᠦ᠄ ᠡᠭᠦᠨ ᠳᠤ ᠭᠤᠳᠣᠩ ᠤᠨ ᠣᠭ ᠤᠨ ᠶᠠᠰᠦ᠂ ᠭᠤᠳᠣᠩ ᠤᠨ ᠦᠵᠦᠭᠦᠷ ᠶᠠᠰᠦ ᠭᠡᠵᠦ ᠬᠤᠪᠢᠶᠠᠨ᠎ᠠ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号