| | | | 1. ᠦᠨᠢᠶᠡᠨ ᠰᠦ ᠶᠢ ᠶᠠᠮᠠᠷ ᠴᠠᠭ ᠲᠤ ᠤᠤᠭᠤᠪᠠᠯ ᠬᠠᠮᠤᠭ ᠰᠠᠶᠢᠨ ᠪᠣᠢ︖ ᠮᠡᠷᠭᠡᠵᠢᠯᠲᠡᠨ ᠤ | ᠲᠠᠨᠢᠯᠴᠠᠭᠤᠯᠤᠭᠰᠠᠨ ᠢᠶᠠᠷ᠂ ᠨᠢᠭᠡ ᠡᠳᠦᠷ ᠤᠨ ᠲᠣᠲᠣᠷ᠎ᠠ ᠦᠨᠢᠶᠡᠨ ᠰᠦ ᠤᠤᠭᠤᠬᠤ ᠳᠤ ᠲᠣᠬᠢᠷᠠᠮᠵᠢᠲᠠᠢ ᠭᠤᠷᠪᠠᠨ | ︽ᠬᠠᠮᠤᠭ ᠰᠠᠶᠢᠨ ᠴᠠᠭ︾᠂ ᠨᠢᠭᠡ᠄ ᠡᠷᠲᠡ ᠶᠢᠨ ᠬᠤᠭᠤᠯᠠᠨ ᠤ ᠢᠯᠴᠢ ᠶᠢᠨ ᠡᠨᠧᠷᠬᠢ ᠶᠢᠨ ᠬᠠᠩᠭᠠᠯᠲᠠ ᠨᠢ | ᠬᠦᠮᠦᠨ ᠤ ᠪᠡᠶ᠎ᠡ ᠶᠢᠨ ᠬᠡᠷᠡᠭᠰᠡᠬᠦ ᠶᠡᠷᠦᠩᠬᠡᠢ ᠢᠯᠴᠢ ᠶᠢᠨ ᠡᠨᠧᠷᠬᠢ ᠶᠢᠨ 25% — 30% ᠶᠢ ᠡᠵᠡᠯᠡᠨ᠎ᠡ᠂ | ᠡᠷᠲᠡ ᠶᠢᠨ ᠬᠤᠭᠤᠯᠠᠨ ᠳᠤ ᠪᠠᠨ ᠨᠢᠭᠡ ᠴᠣᠮᠣ ᠦᠨᠢᠶᠡᠨ ᠰᠦ ᠤᠤᠭᠤᠵᠤ᠂ ᠲᠠᠬᠢᠨ ᠦᠨᠳᠡᠭᠡ ᠪᠤᠶᠤ ᠲᠠᠯᠬ᠎ᠠ ᠲᠠᠢ | ᠲᠤᠬᠢᠷᠠᠭᠤᠯᠤᠨ ᠢᠳᠡᠪᠡᠯ ᠬᠦᠮᠦᠨ ᠤ ᠪᠡᠶ᠎ᠡ ᠳᠤ ᠬᠦᠢᠴᠡᠳ ᠰᠢᠮ᠎ᠡ ᠲᠡᠵᠢᠭᠡᠯ ᠢ ᠬᠠᠩᠭᠠᠵᠤ ᠴᠢᠳᠠᠨ᠎ᠠ᠃ ᠬᠤᠶᠠᠷ᠄ | ᠦᠳᠡ ᠶᠢᠨ ᠬᠤᠶᠢᠨᠠᠬᠢ 4 ᠴᠠᠭ ᠤᠨ ᠦᠶ᠎ᠡ ᠪᠠᠷ᠂ ᠤᠷᠤᠢ ᠶᠢᠨ ᠬᠤᠭᠤᠯᠠᠨ ᠠᠴᠠ ᠡᠮᠦᠨ᠎ᠡ ᠦᠨᠢᠶᠡᠨ ᠰᠦ | ᠤᠤᠭᠤᠪᠠᠯ ᠰᠠᠶᠢᠨ᠃ ᠭᠤᠷᠪᠠ᠄ ᠣᠷᠣᠢ ᠤᠨᠲᠠᠬᠤ ᠠᠴᠠ ᠪᠠᠨ ᠡᠮᠦᠨ᠎ᠡ ᠨᠢᠭᠡ ᠴᠣᠮᠣ ᠦᠨᠢᠶᠡᠨ ᠰᠦ ᠤᠤᠭᠤᠪᠠᠯ | ᠰᠠᠶᠢᠨ ᠨᠦᠢᠷᠰᠣᠵᠤ ᠠᠮᠠᠷᠠᠬᠤ ᠳᠤ ᠲᠤᠰᠠᠲᠠᠢ᠃ 2. ᠦᠨᠢᠶᠡᠨ ᠰᠦ ᠤᠤᠭᠤᠬᠤ ᠳᠤ ᠶᠠᠭᠤ ᠶᠠᠭᠤ ᠶᠢ ᠠᠩᠬᠠᠷᠬᠤ | ᠴᠢᠬᠤᠯᠠ ᠲᠠᠢ ᠪᠤᠢ︖ ᠨᠢᠭᠡ᠄ ᠲᠦᠬᠦᠬᠡᠢ ᠰᠦ ᠶᠢ ᠤᠤᠭᠤᠵᠤ ᠪᠣᠯᠬᠤ ᠦᠭᠡᠢ᠂ ᠰᠢᠨ᠎ᠡ ᠰᠣᠷᠭᠤᠭ ᠦᠨᠢᠶᠡᠨ ᠰᠦ | ᠤᠤᠭᠤᠬᠤ ᠳᠤ ᠪᠠᠨ ᠡᠷᠬᠡᠪᠰᠢ ᠬᠠᠯᠠᠭᠤᠯᠤᠨ ᠪᠣᠴᠠᠯᠭᠠᠵᠤ ᠤᠤᠭᠤᠬᠤ ᠬᠡᠷᠡᠭᠲᠡᠢ᠂ ᠦᠭᠡᠢ ᠪᠣᠯ ᠡᠪᠡᠳᠴᠢᠨ ᠤ | ᠪᠠᠺᠲ᠋ᠧᠷᠢ ᠠᠮᠠ ᠪᠠᠷ ᠳᠠᠮᠵᠢᠨ ᠪᠡᠶ᠎ᠡ ᠳᠤ ᠰᠢᠩᠭᠡᠬᠦ ᠠᠶᠤᠯᠲᠠᠢ᠃ ᠬᠤᠶᠠᠷ᠄ ᠦᠨᠢᠶᠡᠨ ᠰᠦ ᠶᠢ ᠵᠢᠭᠠᠬᠠᠨ ᠶᠠᠭᠤᠮ᠎ᠠ | ᠢᠳᠡᠭᠰᠡᠨ ᠤ ᠳᠠᠷᠠᠭ᠎ᠠ ᠤᠤᠭᠤᠬᠤ ᠪᠣᠶᠣ ᠶᠠᠭᠤᠮ᠎ᠠ ᠢᠳᠡᠬᠦ ᠶᠢᠨ ᠳᠠᠭᠠᠤ ᠤᠤᠭᠤᠪᠠᠯ ᠰᠠᠶᠢᠨ᠃ ᠭᠤᠷᠪᠠ᠄ ᠦᠨᠢᠶᠡᠨ | ᠰᠦ ᠳᠤ ᠵᠢᠮᠢᠰ ᠤᠨ ᠰᠢᠭᠦᠰᠦ ᠮᠡᠲᠦ ᠶᠢᠨ ᠬᠦᠴᠢᠯᠯᠢᠭ ᠴᠢᠨᠠᠷ ᠲᠠᠢ ᠤᠮᠳᠠᠭᠠᠨ ᠨᠡᠮᠡᠵᠤ ᠤᠤᠭᠤᠵᠤ ᠪᠣᠯᠬᠤ ᠦᠭᠡᠢ᠂ | ᠦᠨᠢᠶᠡᠨ ᠰᠦ ᠤᠤᠭᠤᠬᠤ ᠠᠴᠠ ᠡᠮᠦᠨ᠎ᠡ ᠬᠤᠶᠢᠨᠠᠬᠢ ᠨᠢᠭᠡ ᠴᠠᠭ ᠲᠤ ᠵᠦᠷᠵᠢ ᠮᠡᠲᠦ ᠶᠢᠨ ᠢᠰᠭᠦᠯᠡᠩ ᠴᠢᠨᠠᠷ ᠲᠠᠢ | ᠵᠢᠮᠢᠰ ᠢᠳᠡᠵᠦ ᠪᠣᠯᠬᠤ ᠦᠭᠡᠢ᠃ ᠳᠦᠷᠪᠡ᠄ ᠵᠠᠷᠢᠮ ᠬᠦᠮᠦᠰ ᠦᠨᠢᠶᠡᠨ ᠰᠦ ᠶᠢ ᠪᠣᠴᠠᠯᠤᠭᠰᠠᠨ ᠤᠰᠤ ᠶᠢᠨ | ᠣᠷᠣᠨ ᠳᠤ ᠬᠡᠷᠡᠭᠯᠡᠵᠦ ᠲᠡᠭᠦᠨ ᠢᠶᠠᠷ ᠡᠮ ᠤᠤᠭᠤᠳᠠᠭ᠂ ᠢᠩᠬᠢᠬᠦ ᠨᠢ ᠬᠦᠮᠦᠨ ᠤ ᠪᠡᠶ᠎ᠡ ᠶᠢᠨ ᠡᠮ ᠢ ᠰᠢᠩᠭᠡᠭᠡᠬᠦ ᠶᠢ | ᠬᠠᠷᠰᠢᠯᠠᠨ᠎ᠠ᠂ ᠡᠪᠡᠳᠴᠢᠲᠡᠨ ᠡᠮ ᠤᠤᠭᠤᠬᠤ ᠠᠴᠠ ᠡᠮᠦᠨ᠎ᠡ ᠬᠤᠶᠢᠨᠡᠬᠢ ᠨᠢᠭᠡ ᠴᠠᠭ ᠲᠤ ᠦᠨᠢᠶᠡᠨ ᠰᠦ ᠤᠤᠭᠤᠬᠤ | ᠦᠭᠡᠢ ᠪᠣᠯ ᠰᠠᠶᠢᠨ᠃ ᠲᠠᠪᠤ᠄ ᠬᠦᠯᠳᠡᠭᠡᠭᠰᠡᠨ ᠪᠤᠶᠤ ᠬᠦᠢᠲᠡᠨ ᠦᠨᠢᠶᠡᠨ ᠰᠦ ᠨᠢ ᠬᠦᠮᠦᠨ ᠤ ᠪᠡᠶ᠎ᠡ ᠶᠢᠨ | ᠬᠤᠳᠤᠭᠤᠳᠤ ᠭᠡᠳᠡᠰᠦᠨ ᠤ ᠬᠦᠳᠡᠯᠭᠡᠭᠡᠨ ᠤ ᠴᠢᠳᠠᠪᠬᠢ ᠶᠢ ᠨᠦᠯᠦᠭᠡᠯᠡᠵᠦ ᠰᠠᠭᠤᠯᠭᠠᠬᠤ ᠮᠡᠲᠦ ᠶᠢᠨ ᠪᠠᠶᠢᠳᠠᠯ | ᠢᠯᠡᠷᠡᠳᠡᠭ᠃ | | |