| | | | ᠴᠤᠺᠤᠯᠠᠳ᠋ ᠢ ᠵᠤᠬᠢᠬᠤ ᠬᠡᠮᠵᠢᠶ᠎ᠡ ᠪᠠᠷ ᠢᠲᠡᠪᠡᠯ ᠡᠷᠡᠬᠦᠯ ᠳᠤ ᠲᠤᠰᠠᠳᠠᠢ ᠭᠡᠲᠡᠭ ᠢ ᠤᠷᠢᠲᠤ ᠶᠢᠨ | ᠰᠤᠳᠤᠯᠭᠠᠨ ᠵᠶᠡᠷ ᠢᠯᠡᠷᠡᠬᠦᠯᠦᠭᠰᠡᠨ ᠪᠢᠯᠠ᠃ ᠺᠤᠷᠢᠶᠠ ᠶᠢᠨ ᠨᠢᠭᠡᠨ ᠰᠤᠳᠤᠯᠭᠠᠨ ᠤ ᠰᠢᠨ᠎ᠡ ᠳ᠋ᠦᠩ ᠠᠴᠠ ᠦᠵᠡᠪᠡᠯ᠂ | ᠢᠲᠡᠷ ᠨᠠᠰᠦᠨ ᠤ ᠬᠦᠮᠦᠨ ᠪᠠᠶᠢᠩᠭᠤ ᠴᠤᠺᠤᠯᠡᠳ᠋ ᠢᠲᠡᠪᠡᠯ ᠰᠤᠨᠤᠷ ᠮᠠᠭᠤᠲᠠᠬᠤ ᠶᠢ ᠤᠲᠠᠭᠠᠰᠢᠷᠠᠭᠤᠯᠵᠤ ᠪᠤᠯᠤᠨ᠎ᠠ᠃ | ᠰᠸᠦ᠋ᠯ ᠶᠡᠭᠡ ᠰᠤᠷᠭᠠᠭᠤᠯᠢ ᠶᠢᠨ ᠡᠮᠨᠡᠯᠭᠡ ᠶᠢᠨ ᠬᠤᠷᠢᠶᠠᠨ ᠤ ᠨᠢᠭᠡᠨ ᠰᠤᠳᠤᠯᠭᠠᠨ ᠤ ᠳᠤᠭᠤᠶᠢᠯᠠᠩ | 2012-2013 ᠳᠤ ᠶᠠᠪᠤᠭᠤᠯᠤᠬᠰᠠᠨ ︽ᠺᠤᠷᠢᠶᠠ ᠶᠢᠨ ᠤᠯᠤᠰ ᠤᠨ ᠡᠷᠡᠬᠦᠯ ᠮᠠᠨᠳᠦ ᠪᠠ ᠰᠢᠮ᠎ᠡ ᠳᠡᠵᠢᠭᠡᠯ ᠤᠨ | ᠳᠤᠬᠠᠢ ᠪᠠᠶᠢᠴᠠᠭᠠᠯᠲᠠ︾ ᠳᠤ 40 ᠠᠴᠠ 64 ᠨᠠᠰᠦᠨ ᠤ ᠬᠤᠭᠤᠷᠤᠨᠲᠤᠬᠢ 3575 ᠬᠦᠮᠦᠨ ᠤ ᠡᠨᠡ ᠳᠤᠬᠠᠢ | ᠮᠡᠲᠡᠭᠡ ᠵᠠᠩᠬᠢ ᠶᠢ ᠠᠪᠴᠦ ᠵᠠᠲᠠᠯᠤᠯᠲᠠ ᠬᠢᠵᠡᠢ᠃ ᠳᠡᠭᠡᠭᠡᠳ ᠡᠲᠡᠭᠡᠷ ᠪᠤᠢ ᠪᠦᠬᠦᠢ ᠡᠷᠡᠭᠲᠡᠢ ᠡᠮᠡᠭᠲᠡᠢ ᠬᠦᠮᠦᠰ ᠲᠤ | ᠴᠦᠮ ᠪᠡᠶ᠎ᠡ ᠶᠢᠨ ᠪᠠᠶᠢᠴᠠᠭᠠᠯᠲᠠ᠂ ᠡᠮᠴᠢ ᠶᠢᠨ ᠶᠠᠷᠢᠯᠴᠠᠯᠭ᠎ᠠ᠂ ᠰᠤᠨᠤᠷ ᠤᠨ ᠦᠨᠡᠯᠡᠨ ᠵᠢᠱᠢᠯᠲᠠ᠂ ᠴᠢᠬᠢ ᠱᠣᠣᠭᠢᠬᠤ | ᠳᠤᠬᠠᠢ ᠪᠠᠶᠢᠴᠠᠭᠠᠯᠲᠠ ᠪᠠ ᠰᠢᠮ᠎ᠡ ᠲᠡᠵᠢᠭᠡᠯ ᠤᠨ ᠳᠤᠬᠠᠢ ᠪᠠᠶᠢᠴᠠᠭᠠᠯᠲᠠ ᠬᠢᠭᠰᠡᠨ ᠪᠠᠶᠢᠨ᠎ᠠ᠃ ᠢᠩᠬᠢᠭᠡᠳ ᠴᠤᠺᠤᠯᠠᠳ᠋ | ᠢᠲᠡᠲᠡᠭ ᠦᠭᠡᠢ ᠬᠦᠮᠦᠰ ᠤᠨ ᠰᠤᠨᠤᠷ ᠮᠠᠭᠤᠲᠠᠬᠤ ᠠᠰᠠᠭᠤᠲᠠᠯ ᠭᠠᠷᠬᠤ ᠬᠠᠷᠢᠴᠠᠯ ᠨᠢ ᠪᠠᠷᠤᠭ 36% ᠪᠠᠶᠢᠵᠤ᠂ | ᠪᠠᠶᠢᠩᠭᠤ ᠴᠤᠺᠤᠯᠠᠳ᠋ ᠢᠲᠡᠲᠡᠭ ᠬᠦᠮᠦᠰ ᠤᠨ ᠰᠤᠨᠤᠷ ᠮᠠᠭᠤᠲᠠᠬᠤ ᠠᠰᠠᠭᠤᠲᠠᠯ ᠭᠠᠷᠬᠤ ᠬᠠᠷᠢᠴᠠᠯ ᠨᠢ ᠪᠠᠷᠤᠭ 26. | 8% ᠪᠠᠶᠢᠬᠤ ᠶᠢ ᠰᠤᠳᠤᠯᠭᠠᠨ ᠤ ᠠᠵᠢᠯᠲᠠᠳ ᠤᠯᠵᠤ ᠮᠡᠲᠡᠵᠡᠢ᠃ ᠴᠤᠺᠤᠯᠠᠳ᠋ ᠲᠤ ᠠᠬᠤᠭᠤᠯᠤᠬᠲᠠᠭᠰᠠᠨ | ᠢᠰᠦᠯᠳᠦᠬᠦᠯᠦᠭᠴᠢ ᠶᠢᠨ ᠡᠰᠡᠷᠬᠦ ᠡᠳ᠋ ᠨᠢ ᠰᠤᠨᠤᠷ ᠢ ᠬᠠᠮᠠᠭᠠᠯᠠᠬᠤ ᠦᠢᠯᠡᠳᠦᠯ ᠭᠠᠷᠭᠠᠭᠰᠠᠨ ᠪᠠᠶᠢᠵᠤ ᠮᠡᠲᠡᠨ᠎ᠡ ᠭᠡᠵᠤ | ᠰᠤᠳᠤᠯᠭᠠᠨ ᠤ ᠠᠵᠢᠯᠲᠠᠳ ᠦᠵᠡᠵᠦ ᠪᠠᠶᠢᠨ᠎ᠠ᠃ | |