ᠰᠤᠳᠤᠯᠭᠠᠨ ᠤ ᠰᠢᠨ᠎ᠡ ᠦᠵᠡᠯᠳᠡ᠄ ᠡᠷᠡᠬᠦᠯ ᠪᠤᠰᠦ ᠬᠠᠷᠠᠰᠦ ᠢᠲᠡᠭᠡᠨ ᠤᠮᠲᠠᠭᠠᠨ ᠨᠢ ᠪᠦᠭᠡᠷ᠎ᠡ ᠶᠢ ᠭᠡᠮᠳᠦᠭᠡᠵᠦ ᠮᠡᠲᠡᠨ᠎ᠡ
ᠨᠡᠶᠢᠲᠡᠯᠡᠭᠰᠡᠨ ᠴᠠᠭ᠄
2021/11/5
               ᠬᠦᠮᠦᠰ ᠶᠡᠷᠦ ᠳᠡᠭᠡᠨ ᠬᠠᠷᠠᠰᠦ ᠬᠤᠭᠤᠯᠠ ᠢᠲᠡᠭᠡᠳ ᠪᠠᠶᠢᠪᠠᠯ ᠪᠦᠭᠡᠷ᠎ᠡ ᠶᠢ ᠬᠠᠮᠠᠭᠠᠯᠠᠵᠤ᠂ ᠪᠦᠭᠡᠷ᠎ᠡ ᠶᠢᠨ ᠡᠪᠡᠳᠴᠢᠨ ᠤ ᠳᠦᠭᠰᠢᠬᠦᠷᠢ ᠶᠢ ᠪᠠᠭᠠᠰᠬᠠᠵᠤ ᠪᠤᠯᠤᠨ᠎ᠠ ᠭᠡᠵᠤ ᠦᠵᠡᠲᠡᠭ᠃ ᠭᠡᠪᠡᠴᠦ ᠰᠢᠨ᠎ᠡ ᠰᠤᠳᠤᠯᠭᠠᠨ ᠤ ᠳ᠋ᠦᠩ ᠠᠴᠠ ᠦᠵᠡᠪᠡᠯ᠂ ᠬᠠᠷᠠᠰᠦ ᠪᠠᠷ ᠬᠤᠭᠤᠯᠠᠯᠠᠬᠤ ᠳᠤ ᠪᠠᠰᠠ ᠬᠢᠴᠢᠶᠡᠬᠦ ᠬᠡᠷᠡᠭᠲᠡᠢ ᠵᠦᠢᠯ ᠪᠤᠢ᠂ ᠴᠠᠷᠲᠠᠭᠤᠯ ᠪᠠ ᠰᠢᠬᠢᠷ ᠶᠡᠬᠡᠲᠡᠢ ᠬᠠᠷᠠᠰᠦ ᠢᠲᠡᠭᠡᠨ ᠢ ᠦᠷᠬᠦᠯᠵᠢ ᠢᠲᠡᠪᠡᠯ ᠪᠦᠭᠡᠷ᠎ᠡ ᠶᠢᠨ ᠭᠡᠮᠳᠦᠯ ᠢ ᠨᠡᠮᠡᠭᠲᠡᠬᠦᠯᠬᠦ ᠳᠦᠭᠰᠢᠬᠦᠷᠢ ᠲᠠᠢ ᠶᠤᠮ ᠪᠠᠶᠢᠨ᠎ᠠ᠃ ︽ᠠᠮᠧᠷᠢᠺᠠ ᠶᠢᠨ ᠪᠦᠭᠡᠷ᠎ᠡ ᠶᠢᠨ ᠡᠪᠡᠳᠴᠢᠨ ᠤ ᠰᠢᠨᠵᠢᠯᠡᠭᠡᠨ ᠤ ᠨᠡᠶᠢᠭᠡᠮᠯᠢᠭ ᠤᠨ ᠡᠪᠡᠳᠴᠢᠨ ᠤ ᠵᠠᠰᠠᠯᠭ᠎ᠠ ᠶᠢᠨ ᠰᠡᠳᠬᠦᠯ︾ ᠤᠨ ᠰᠦᠯᠵᠢᠶᠠᠨ ᠤ ᠬᠡᠪᠯᠡᠯ ᠳᠤ ᠤᠷᠴᠢᠮᠬᠠᠨ ᠨᠡᠶᠢᠲᠡᠯᠡᠭᠰᠡᠨ ᠰᠤᠳᠤᠯᠭᠠᠨ ᠤ ᠳ᠋ᠦᠩ ᠠᠴᠠ ᠦᠵᠡᠪᠡᠯ᠂ ᠶᠤᠬᠠᠨᠰ ᠬᠤᠫᠺᠢᠨ᠋ᠰ ᠶᠡᠭᠡ ᠰᠤᠷᠭᠠᠭᠤᠯᠢ ᠵᠡᠷᠭᠡ ᠪᠠᠶᠢᠭᠤᠯᠤᠮᠵᠢ ᠶᠢᠨ ᠰᠤᠳᠤᠯᠭᠠᠲᠠᠳ 1.4 ᠳᠦᠮᠡᠨ ᠨᠠᠰᠦᠨ ᠳᠤ ᠬᠦᠷᠦᠭᠰᠡᠳ ᠤᠨ ᠢᠲᠡᠵᠦ ᠤᠤᠭᠤᠬᠤ ᠲᠠᠳᠬᠠᠯ ᠪᠠ ᠪᠦᠭᠡᠷ᠎ᠡ ᠶᠢᠨ ᠴᠢᠲᠠᠮᠵᠢ ᠳᠤ ᠵᠠᠲᠠᠯᠤᠯᠲᠠ ᠬᠢᠭᠰᠡᠨ ᠪᠦᠭᠡᠳ ᠲᠡᠲᠡᠨ ᠤ ᠳᠤᠳᠤᠷᠠᠬᠢ ᠬᠠᠭᠠᠰ ᠲᠤᠭᠠᠨ ᠤ ᠬᠦᠮᠦᠨ ᠳᠤ ᠬᠤᠷᠢᠨ ᠳᠦᠷᠪᠡᠨ ᠵᠢᠯ ᠳᠤᠷᠰᠢ ᠮᠦᠷᠲᠡᠨ ᠪᠠᠶᠢᠴᠠᠭᠠᠯᠲᠠ ᠬᠢᠵᠡᠢ᠃ ᠡᠬᠦᠨ ᠳᠤ ᠨᠡᠶᠢᠲᠡ 4343 ᠬᠦᠮᠦᠨ ᠨᠢ ᠰᠤᠳᠤᠯᠭᠠᠨ ᠤ ᠬᠤᠭᠤᠴᠠᠭᠠᠨ ᠳᠤ ᠤᠲᠠᠭᠠᠨ ᠴᠢᠨᠠᠷᠲᠠᠢ ᠪᠦᠭᠡᠷ᠎ᠡ ᠶᠢᠨ ᠡᠪᠡᠳᠴᠢᠨ ᠳᠤ ᠨᠡᠷᠪᠡᠭᠲᠡᠵᠡᠢ᠃ ᠰᠤᠳᠤᠯᠭᠠᠨ ᠢᠶᠠᠷ ᠢᠯᠡᠷᠡᠬᠦᠯᠦᠭᠰᠡᠨ ᠨᠢ᠂ ᠡᠷᠡᠬᠦᠯ ᠬᠠᠷᠠᠰᠦ ᠢᠲᠡᠭᠡᠨ ᠢ ᠮᠠᠰᠢ ᠴᠦᠭᠡᠨ ᠢᠲᠡᠲᠡᠭ ᠬᠦᠮᠦᠨ ᠲᠠᠢ ᠬᠠᠷᠢᠴᠠᠭᠤᠯᠪᠠᠯ᠂ ᠬᠡᠵᠢᠶᠡᠲᠡ ᠡᠷᠡᠬᠦᠯ ᠬᠠᠷᠠᠰᠦ ᠢᠲᠡᠭᠡᠨ ᠢᠲᠡᠲᠡᠭ ᠬᠦᠮᠦᠨ ᠤ ᠪᠦᠭᠡᠷ᠎ᠡ ᠶᠢᠨ ᠡᠪᠡᠳᠴᠢᠨ ᠤᠯᠬᠤ ᠳᠦᠭᠰᠢᠬᠦᠷᠢ ᠨᠢ 14% ᠪᠠᠷ ᠪᠠᠭᠤᠷᠠᠨ᠎ᠠ︔ ᠡᠷᠡᠬᠦᠯ ᠪᠤᠰᠦ ᠬᠠᠷᠠᠰᠦ ᠢᠲᠡᠭᠡᠨ ᠢ ᠮᠠᠰᠢ ᠴᠦᠭᠡᠨ ᠢᠲᠡᠲᠡᠭ ᠬᠦᠮᠦᠨ ᠲᠠᠢ ᠬᠠᠷᠢᠴᠠᠭᠤᠯᠪᠠᠯ᠂ ᠡᠷᠡᠬᠦᠯ ᠪᠤᠰᠦ ᠬᠠᠷᠠᠰᠦ ᠢᠲᠡᠭᠡᠨ ᠢ ᠪᠠᠶᠢᠩᠭᠤ ᠢᠲᠡᠲᠡᠭ ᠬᠦᠮᠦᠨ ᠤ ᠪᠦᠭᠡᠷ᠎ᠡ ᠶᠢᠨ ᠡᠪᠡᠳᠴᠢᠨ ᠤᠯᠬᠤ ᠳᠦᠭᠰᠢᠬᠦᠷᠢ ᠨᠢ 11% ᠪᠠᠷ ᠲᠡᠭᠡᠭᠰᠢᠯᠡᠨ᠎ᠡ᠃ ᠡᠷᠡᠬᠦᠯ ᠬᠠᠷᠠᠰᠦ ᠢᠲᠡᠭᠡᠨ ᠭᠡᠲᠡᠭ ᠲᠤ ᠠᠮᠤ ᠲᠠᠷᠢᠶᠠᠨ ᠤ ᠵᠦᠢᠯ᠂ ᠠᠯᠮᠤᠷᠠᠳ᠂ ᠠᠯᠢᠮ᠎ᠠ ᠵᠡᠷᠭᠡ ᠵᠢᠮᠢᠰ ᠤᠨ ᠵᠦᠢᠯ᠂ ᠭᠦᠨ ᠨᠤᠭᠤᠭᠠᠨ ᠦᠩᠭᠡᠲᠤ ᠨᠠᠪᠴᠢ ᠨᠤᠭᠤᠭ᠎ᠠ᠂ ᠬᠠᠲᠠᠭᠤ ᠵᠢᠮᠢᠰ᠂ ᠪᠠᠶᠢᠭᠠᠯᠢᠯᠢᠭ ᠯᠤᠬᠠᠱᠧᠩ ᠤᠨ ᠵᠢᠶᠠᠩ ᠵᠡᠷᠭᠡ ᠪᠠᠭᠲᠠᠨ᠎ᠠ︔ ᠡᠷᠡᠬᠦᠯ ᠪᠤᠰᠦ ᠬᠠᠷᠠᠰᠦ ᠢᠲᠡᠭᠡᠨ ᠢᠲᠡᠬᠦ ᠭᠡᠲᠡᠭ ᠲᠤ ᠳᠦᠮᠦᠰᠦ ᠵᠡᠷᠭᠡ ᠴᠠᠷᠲᠠᠭᠤᠯ ᠶᠡᠬᠡᠲᠡᠢ ᠢᠲᠡᠭᠡᠨ ᠢᠲᠡᠬᠦ᠂ ᠵᠢᠮᠢᠰ ᠤᠨ ᠰᠢᠬᠦᠰᠦ ᠪᠠᠷ ᠵᠢᠮᠢᠰ ᠢ ᠤᠷᠤᠯᠠᠭᠤᠯᠬᠤ᠂ ᠰᠢᠬᠢᠷ ᠲᠠᠢ ᠤᠮᠲᠠᠭ᠎ᠠ᠂ ᠰᠢᠬᠢᠷ᠂ ᠪᠤᠭᠤᠷᠰᠤᠭ᠂ ᠴᠤᠺᠤᠯᠳ᠋ ᠢᠲᠡᠬᠦ ᠵᠡᠷᠭᠡ ᠪᠠᠭᠲᠠᠨ᠎ᠠ᠃ ᠰᠤᠳᠤᠯᠭᠠᠲᠠᠨ ᠨᠠᠷ ᠬᠡᠯᠡᠭᠰᠡᠨ ᠨᠢ᠂ ᠰᠤᠳᠤᠯᠭᠠᠨ ᠤ ᠳ᠋ᠦᠩ ᠠᠴᠠ ᠦᠵᠡᠪᠡᠯ᠂ ᠮᠢᠬ᠎ᠠ ᠪᠠ ᠡᠷᠡᠬᠦᠯ ᠪᠤᠰᠦ ᠬᠠᠷᠠᠰᠦ ᠢᠲᠡᠭᠡᠨ ᠢ ᠪᠠᠭ᠎ᠠ ᠢᠲᠡᠬᠦ᠂ ᠡᠷᠡᠬᠦᠯ ᠬᠠᠷᠠᠰᠦ ᠢᠲᠡᠭᠡᠨ ᠢ ᠢᠯᠡᠬᠦᠦ ᠢᠲᠡᠬᠦ ᠨᠢ ᠪᠦᠭᠡᠷ᠎ᠡ ᠶᠢ ᠬᠠᠮᠠᠭᠠᠯᠠᠬᠤ ᠳᠤ ᠳᠤᠰᠠᠳᠠᠢ᠂ ᠪᠦᠭᠡᠷ᠎ᠡ ᠶᠢᠨ ᠴᠢᠲᠠᠮᠵᠢ ᠮᠠᠭᠤᠲᠠᠬᠤ ᠶᠢ ᠤᠲᠠᠭᠠᠰᠢᠷᠠᠭᠤᠯᠬᠤ ᠪᠠ ᠪᠦᠭᠡᠷ᠎ᠡ ᠶᠢᠨ ᠡᠪᠡᠳᠴᠢᠨ ᠡᠬᠦᠰᠬᠦ ᠳᠦᠭᠰᠢᠬᠦᠷᠢ ᠶᠢ ᠪᠠᠭᠠᠰᠬᠠᠬᠤ ᠦᠢᠯᠡᠳᠦᠯ ᠲᠠᠢ ᠭᠡᠵᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号