ᠰᠤᠷᠤᠭᠴᠢ ᠶᠢᠨ ᠠᠩᠬᠠᠷᠤᠯ ᠬᠤᠪᠢᠶᠠᠭᠳᠠᠬᠤ ᠠᠴᠠ ᠰᠡᠷᠡᠮᠵᠢᠯᠡᠬᠦ ᠰᠢᠨ᠎ᠡ ᠠᠷᠭ᠎ᠠ
ᠨᠡᠶᠢᠲᠡᠯᠡᠭᠰᠡᠨ ᠴᠠᠭ᠄
2016/11/3
      ᠪᠠᠭᠰᠢ ᠪᠣᠯᠤᠭᠰᠠᠳ ᠴᠦᠮ ᠰᠤᠷᠤᠭᠴᠢᠳ ᠤᠨ ᠬᠢᠴᠢᠶᠡᠯ ᠤᠨ ᠲᠠᠩᠬᠢᠮ ᠳᠡᠭᠡᠷ᠎ᠡ ᠠᠩᠬᠠᠷᠤᠯ ᠬᠤᠪᠢᠶᠠᠭᠳᠠᠬᠤ ᠶᠢ ᠶᠡᠭᠡ ᠴᠡᠭᠡᠷᠯᠡᠳᠡᠭ᠂ ᠠᠮᠧᠷᠢᠺᠠ ᠶᠢᠨ ᠨᠠᠢᠮᠠᠳᠤᠭᠠᠷ ᠣᠨ ᠤ ᠪᠠᠭᠰᠢ ᠪᠢᠸ᠋ᠰᠨᠢ᠂ ᠯᠠᠨᠪᠸᠢᠰᠧ ᠰᠤᠷᠤᠭᠴᠢ ᠶᠢᠨ ᠬᠢᠴᠢᠶᠡᠯ ᠤᠨ ᠰᠢᠷᠡᠭᠡᠨ ᠳᠡᠭᠡᠷ᠎ᠡ ᠳᠦᠭᠦᠮ ᠪᠦᠲᠤᠴᠡ ᠲᠠᠢ ᠳᠣᠭᠤᠢ ᠲᠡᠷᠭᠡ ᠲᠣᠬᠢᠷᠠᠭᠤᠯᠬᠤ ᠠᠷᠭ᠎ᠠ ᠪᠠᠷ᠂ ᠰᠤᠷᠤᠭᠴᠢᠳ ᠤᠨ ᠬᠢᠴᠢᠶᠡᠯ ᠤᠨ ᠲᠠᠩᠬᠢᠮ ᠳᠡᠭᠡᠷ᠎ᠡ ᠨᠡᠩ ᠢᠯᠡᠭᠦᠦ ᠰᠡᠳᠬᠢᠯ ᠲᠦᠪᠯᠡᠷᠡᠬᠦ ᠶᠢ ᠠᠬᠢᠭᠤᠯᠵᠠᠢ᠃      ᠪᠢᠸ᠋ᠰᠨᠢ᠂ ᠯᠠᠨᠪᠸᠢᠰᠧ ᠪᠣᠯ ᠲᠤᠭ᠎ᠠ ᠪᠣᠳᠤᠯᠭ᠎ᠠ ᠶᠢᠨ ᠪᠠᠭᠰᠢ ᠮᠦᠨ᠂ ᠨᠢᠳᠤᠨᠦᠨ ᠵᠢᠯ ᠤᠨ ᠡᠴᠤᠰ ᠲᠤ᠂ ᠲᠡᠷᠡ ᠰᠤᠷᠤᠭᠴᠢ ᠶᠢᠨ ᠬᠢᠴᠢᠶᠡᠯ ᠤᠨ ᠰᠢᠷᠡᠭᠡᠨ ᠳᠣᠣᠷ᠎ᠠ ᠳᠦᠭᠦᠮ ᠪᠦᠲᠤᠴᠡᠲᠤ ᠳᠣᠭᠤᠢ ᠲᠣᠬᠢᠷᠠᠭᠤᠯᠵᠤ ᠠᠵᠢᠭᠯᠠᠭᠰᠠᠨ ᠤ ᠳ᠋ᠦᠩ ᠳᠤ᠂ ᠰᠤᠷᠤᠭᠴᠢ ᠶᠢᠨ ᠬᠢᠴᠢᠶᠡᠯ ᠤᠨ ᠲᠠᠩᠬᠢᠮ ᠳᠡᠭᠡᠷᠡᠬᠢ ᠡᠯ᠎ᠡ ᠲᠠᠯ᠎ᠠ ᠶᠢᠨ ᠢᠯᠡᠷᠡᠯ ᠨᠢ ᠴᠦᠮ ᠤᠤᠯ ᠤᠨ ᠬᠢ ᠠᠴᠠ ᠪᠠᠨ ᠰᠠᠶᠢᠨ ᠪᠣᠯᠤᠭᠰᠠᠨ ᠢ ᠣᠯᠵᠤ ᠮᠡᠳᠡᠭᠰᠡᠨ ᠪᠠᠶᠢᠨ᠎ᠠ᠃ ᠲᠣᠬᠠᠢ ᠶᠢᠨ ᠭᠠᠵᠠᠷ ᠤᠨ ᠰᠣᠨᠢᠨ ᠮᠡᠳᠡᠭᠡ ᠶᠢᠨ ᠰᠦᠯᠵᠢᠶᠡᠨ ᠦᠷᠲᠡᠭᠡ wral.com ᠪᠢᠸ᠋ᠰᠨᠢ᠂ ᠯᠠᠨᠪᠸᠢᠰᠧ ᠤᠨ ᠦᠭᠡ ᠪᠠᠷ ᠡᠰᠢ ᠲᠠᠲᠠᠵᠤ ᠮᠡᠳᠡᠭᠡᠯᠡᠭᠰᠡᠨ ᠢᠶᠠᠷ᠄ ︽ᠦᠩᠭᠡᠷᠡᠭᠰᠡᠨ ᠳᠤ ᠰᠤᠷᠤᠭᠴᠢᠳ ᠬᠢᠴᠢᠶᠡᠯ ᠳᠡᠭᠡᠷ᠎ᠡ ᠰᠢᠷᠡᠭᠡ ᠲᠣᠭᠰᠢᠬᠤ ᠪᠣᠶᠣ ᠬᠠᠷᠢᠯᠴᠠᠨ ᠬᠦᠭᠡᠷᠤᠯᠳᠤᠬᠦ ᠡᠰᠡᠭᠦᠯ᠎ᠡ ᠰᠠᠮ ᠢᠶᠠᠷ ᠰᠢᠪᠡᠨᠡᠯᠳᠦᠬᠦ ᠦᠵᠡᠭᠳᠡᠯ ᠨᠡᠶᠢᠳᠡᠮ ᠣᠷᠤᠰᠢᠵᠤ ᠪᠠᠶᠢᠭᠰᠠᠨ ᠪᠣᠯ ᠣᠳᠤ ᠡᠳᠡᠭᠡᠷ ᠦᠵᠡᠭᠳᠡᠯ ᠡᠷᠡᠰ ᠲᠠᠰᠤ ᠠᠷᠢᠯᠤᠭᠰᠠᠨ ᠪᠠᠶᠢᠨ᠎ᠠ᠂ ᠤᠴᠢᠷ ᠨᠢ ᠲᠡᠳᠡᠨᠡᠷ ᠤᠨ ᠬᠦᠯ ᠲᠠᠰᠤᠷᠠᠯᠲᠠ ᠦᠭᠡᠢ ᠬᠦᠳᠡᠯᠭᠡᠭᠡᠨ ᠬᠢᠵᠤ ᠪᠠᠶᠢᠳᠠᠭ ᠠᠴᠠ ᠶᠤᠮ᠃ ᠰᠤᠷᠤᠭᠴᠢ ᠶᠢᠨ ᠳᠠᠰᠬᠠᠯ ᠳᠠᠭᠠᠭᠠᠯᠭᠠᠪᠤᠷᠢ ᠪᠠᠨ ᠪᠡᠶᠡᠯᠡᠬᠦᠯᠬᠦ ᠴᠢᠨᠠᠷ ᠴᠢᠨᠰᠠᠭ᠎ᠠ ᠨᠢ ᠴᠤ ᠢᠯᠡᠳᠲᠡ ᠳᠡᠭᠡᠭᠰᠢᠯᠡᠵᠦ᠂ ᠳᠠᠰᠬᠠᠯ ᠲᠤᠰᠢᠶᠠᠬᠤ ᠦᠭᠡᠢ ᠬᠦᠮᠦᠨ ᠤ ᠲᠤᠭ᠎ᠠ ᠶᠡᠭᠡ ᠴᠦᠭᠡᠭᠡᠷᠡᠵᠡᠢ︾ ᠭᠡᠪᠡ᠃      ᠠᠵᠢᠭᠯᠠᠭᠰᠠᠨ ᠢᠶᠠᠷ᠂ ᠰᠤᠷᠤᠭᠴᠢᠳ ᠡᠨᠡᠬᠦ ᠰᠢᠨ᠎ᠡ ︽ᠨᠠᠭᠠᠳᠤᠮ ᠤᠨ ᠡᠳ᠋︾ ᠲᠤ ᠶᠡᠭᠡ ᠪᠠᠭ᠋ᠠᠲᠠᠢ᠃ ︽ᠪᠢ ᠣᠣᠯ ᠳᠠᠭᠠᠨ ᠬᠦᠯ ᠢᠶᠠᠨ ᠴᠡᠴᠡᠷᠡᠭᠦᠯᠬᠦ ᠮᠠᠭᠤ ᠵᠠᠩ ᠲᠠᠢ ᠪᠠᠶᠢᠭᠰᠠᠨ᠂ ᠣᠳᠤ ᠬᠠᠷᠢᠨ ᠨᠡᠩ ᠢᠯᠡᠭᠦᠦ ᠰᠡᠳᠬᠢᠯ ᠲᠦᠪᠯᠡᠷᠡᠭᠦᠯᠵᠦ ᠬᠢᠴᠢᠶᠡᠯ ᠰᠣᠨᠤᠰᠬᠤ ᠪᠣᠯᠵᠠᠢ︾ ᠭᠡᠵᠦ ᠨᠢᠭᠡ ᠰᠤᠷᠤᠭᠴᠢ ᠶᠠᠷᠢᠨ᠎ᠠ᠂ ᠪᠠᠰᠠ ᠨᠢᠭᠡ ᠰᠤᠷᠤᠭᠴᠢ᠄ ︽ᠲᠤᠰ ︿ᠨᠠᠭᠠᠳᠤᠮ ᠤᠨ ᠡᠳ᠋﹀ ᠮᠢᠨᠤ ᠬᠢᠴᠢᠶᠡᠯ ᠰᠤᠷᠤᠯᠭ᠎ᠠ ᠳᠤ ᠶᠡᠭᠡ ᠬᠠᠪᠰᠤᠷᠤᠯᠭ᠎ᠠ ᠪᠣᠯᠤᠭᠰᠠᠨ ᠮᠦᠷᠲᠡᠭᠡᠨ ᠪᠡᠶ᠎ᠡ ᠮᠠᠬᠠᠪᠤᠳ ᠢᠶᠠᠨ ᠴᠢᠬᠢᠷᠠᠭᠵᠢᠭᠤᠯᠬᠤ ᠳᠤ ᠪᠠᠰᠠ ᠶᠡᠭᠡ ᠲᠤᠰᠠ ᠪᠣᠯᠤᠭᠰᠠᠨ ᠪᠠᠶᠢᠨ᠎ᠠ︾ ᠭᠡᠵᠡᠢ᠃ ᠲᠡᠷᠡ ᠬᠢᠴᠢᠶᠡᠯ ᠤᠨ ᠲᠠᠩᠬᠢᠮ ᠳᠡᠭᠡᠷ᠎ᠡ 8.8 ᠺᠢᠯᠤᠮᠧᠲᠷ ︽ᠠᠶᠠᠯᠠᠵᠤ︾᠂ 133 ᠺᠠᠯᠤᠷᠢ ᠢᠯᠴᠢ ᠢᠯᠭᠠᠷᠠᠭᠤᠯᠳᠠᠭ ᠪᠠᠶᠢᠨ᠎ᠠ᠃                                ᠰᠢᠨᠬᠤᠸᠠ ᠬᠤᠷᠢᠶ᠎ᠠ ᠶᠢᠨ ᠪᠢᠴᠢᠯ ᠮᠡᠳᠡᠭᠡ                                                                                        ᠴᠢᠶᠣᠥ ᠢ  
 
ᠢᠷᠡᠯᠲᠡ᠄ ᠦᠪᠤᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号