ᠬᠡᠦᠬᠡᠨ ᠬᠥᠷᠭᠡᠨ ᠤ ᠬᠤᠷᠢᠮ ᠤᠨ ᠶᠤᠰᠤᠯᠠᠯ ᠤᠨ ᠬᠤᠪᠴᠠᠰᠤ
ᠨᠡᠶᠢᠲᠡᠯᠡᠭᠰᠡᠨ ᠴᠠᠭ᠄
2016/12/14
                                        ᠪᠠᠢ ᠯᠢ ᠰᠢᠶᠠᠩ                 ᠮᠠᠨ ᠤ ᠮᠤᠩᠭᠤᠯ ᠦᠨᠳᠦᠰᠦᠳᠡᠨ ᠪᠤᠰᠤᠳ ᠤᠨ ᠳᠠᠪᠠᠭᠤᠯᠢᠭ ᠢ ᠴᠢᠳᠠᠮᠠᠭᠠᠢ ᠪᠠᠷ ᠬᠦᠯᠢᠶᠡᠨ ᠠᠪᠴᠤ ᠥᠪᠡᠷ ᠢ   ᠪᠠᠨ ᠲᠡᠬᠦᠯᠳᠡᠷᠵᠢᠭᠦᠯᠵᠦ ᠴᠢᠳᠠᠳᠠᠭ ᠭᠠᠶᠢᠬᠠᠮᠰᠢᠬᠲᠤ ᠦᠨᠳᠦᠰᠦᠲᠡᠨ ᠪᠤᠯᠬᠤ ᠶᠣᠮ᠃ ᠡᠬᠦᠨ ᠳᠤ ᠬᠥᠳᠡᠰᠦᠨ ᠳᠡᠪᠡᠯ   ᠠᠴᠠ ᠮᠠᠩᠨᠤᠭ ᠳᠡᠪᠡᠯ ᠬᠦᠷᠦᠭᠰᠡᠨ ᠶᠠᠪᠤᠳᠠᠯ ᠨᠢ ᠨᠢᠭᠡᠨ ᠰᠠᠶᠢᠨ ᠵᠢᠱᠢᠶ᠎ᠡ ᠪᠤᠯᠤᠨ᠎ᠠ᠃ ᠠᠯᠢ ᠡᠷᠳᠡ ᠪᠠᠷᠤᠭ ᠬᠠᠨ ᠤᠯᠤᠰ  ‍ᠣᠨ‌ᠦᠶ᠎ᠡ ᠠᠴᠠ ᠪᠤᠢ ᠪᠤᠯᠤᠬᠰᠠᠨ ᠡᠵᠡᠨ ᠬᠠᠭᠠᠨ ᠤ ᠡᠷᠬᠡ ᠰᠦᠷ ᠪᠠ ᠡᠬᠦᠷᠭᠡ ᠬᠠᠷᠢᠭᠤᠴᠠᠯᠭ᠎ᠠ ᠶᠢ ᠪᠠᠯᠭᠡᠳᠡᠨ  ᠢᠯᠡᠳᠬᠡᠭᠰᠡᠨ ᠤᠰᠤᠨ ᠬᠤᠷᠮᠤᠢ ᠲᠠᠢ ᠮᠠᠩᠨᠤᠭ ᠳᠡᠪᠡᠯ ᠤᠨ ᠵᠢᠷᠤᠭ ᠳᠦᠷᠰᠦ ᠨᠢ ᠤᠨ ᠤᠳᠠᠭᠠᠨ ᠤᠯᠮᠵᠢᠯᠠᠬᠳᠠᠨ  ᠳᠡᠯᠭᠡᠷᠡᠵᠦ ᠳᠡᠬᠦᠯᠳᠡᠷᠵᠢᠵᠦ ᠢᠷᠡᠭᠰᠡᠨ ᠶᠤᠮ᠃ ᠪᠠᠷᠤᠭ ᠶᠤᠸᠠᠨ ᠤᠯᠤᠰ ᠴᠢᠩ ᠤᠯᠤᠰ ᠤᠨ ᠦᠶ᠎ᠡ  ᠪᠠᠷ ᠡᠨᠡᠬᠦ ᠵᠢᠷᠤᠭ  ᠳᠦᠷᠰᠦ ᠠᠭᠠᠵᠢᠮ ᠢᠶᠠᠷ ᠤᠷᠳᠤᠨ ᠠᠴᠠ ᠭᠠᠷᠴᠤ ᠠᠷᠠᠳ ᠤᠨ ᠳᠤᠮᠳᠠ ᠤᠯᠠᠮᠵᠢᠯᠠᠬᠳᠠᠨ ᠳᠡᠯᠭᠡᠷᠡᠬᠦ ᠳᠤ ᠮᠠᠨ ᠤ  ᠮᠤᠩᠭᠤᠯ ᠦᠨᠳᠦᠰᠦᠳᠡᠨ ᠥᠮᠴᠢᠷᠬᠡᠨ ᠬᠥᠯᠢᠶᠡᠨ ᠠᠪᠴᠤ ᠥᠪᠡᠷᠮᠢᠴᠡ ᠤᠳᠬ᠎ᠠ ᠠᠭᠤᠯᠭ᠎ᠠ  ᠲᠠᠢ ᠦᠨᠳᠦᠰᠦᠳᠡᠨ ᠤ  ᠬᠤᠪᠴᠠᠰᠤ ᠵᠠᠰᠠᠯ ᠪᠤᠢ ᠪᠤᠯᠤᠬᠰᠠᠨ ᠪᠠᠶᠢᠨ᠎ᠠ᠃             ᠭᠡᠪᠡᠴᠦ ᠮᠤᠩᠭᠤᠯ ᠬᠥᠮᠦᠨ ᠤ ᠥᠪᠡᠷ ᠢᠶᠠᠨ ᠮᠠᠩᠨᠤᠭ ᠳᠡᠪᠡᠯ ᠣᠶᠤᠵᠦ ᠡᠮᠦᠰᠦᠭᠰᠡᠨ ᠦᠯᠢᠭᠡᠷ ᠤᠶᠢᠯᠡ ᠶᠢ  ᠤᠯᠵᠦ ᠰᠤᠨᠤᠰᠤᠭ᠎ᠠ ᠦᠭᠡᠢ᠃           ᠪᠠᠷᠤᠭ ᠬᠤᠷᠢᠳᠤᠭᠠᠷ ᠵᠠᠭᠤᠨ ᠤ ᠳᠤᠮᠳᠠᠴᠢ ᠰᠡᠬᠦᠯᠴᠢ ᠪᠠᠷ ᠦᠨᠳᠦᠰᠦᠳᠡᠨ ᠤ ᠬᠤᠪᠴᠠᠰᠤ ᠵᠠᠰᠠᠯ ᠭᠠᠳᠠᠭᠤᠷᠴᠢᠯᠠᠯ   ᠳᠤ ᠤᠴᠠᠷᠠᠬᠰᠠᠨ ᠠᠴᠠ ᠤᠰᠤᠨ ᠬᠤᠷᠮᠤᠢ ᠲᠠᠢ ᠮᠠᠩᠨᠤᠭ ᠳᠡᠪᠡᠯ ᠣᠰᠠᠳᠬᠤ ᠰᠢᠬᠠᠪᠠ᠃ ᠪᠢ ᠠᠵᠢᠯ ᠠᠴᠠ ᠪᠠᠨ  ᠲᠠᠷᠬᠠᠯᠠᠬᠳᠠᠬᠰᠠᠨ ᠤ ᠳᠠᠷᠠᠭ᠎ᠠ ᠦᠨᠳᠦᠰᠦᠳᠡᠨ ᠤ ᠪᠠᠨ ᠬᠤᠪᠴᠠᠰᠤ ᠵᠠᠰᠠᠯ ᠤᠨ ᠲᠡᠤᠬᠡᠨ ᠬᠥᠭᠵᠢᠯᠲᠡ ᠶᠢᠨ ᠶᠠᠪᠤᠴᠠ ᠶᠢ  ᠠᠩᠬᠠᠷᠤᠨ ᠰᠢᠨᠵᠢᠯᠡᠵᠦ ᠨᠢᠭᠡᠨᠲᠡ ᠡᠯᠡᠭᠳᠡᠨ ᠪᠠᠷᠠᠬᠳᠠᠵᠤ ᠤᠰᠠᠳᠬᠤ ᠰᠢᠬᠠᠬᠰᠠᠨ ᠤᠰᠤᠨ ᠬᠤᠷᠮᠤᠢ ᠲᠠᠢ ᠮᠠᠩᠨᠤᠭ  ᠳᠡᠪᠡᠯ ᠢ ᠠᠪᠤᠷᠠᠨ ᠰᠡᠷᠬᠦᠭᠡᠬᠦ ᠪᠠᠷ ᠵᠤᠷᠢᠭ ᠰᠢᠭᠤᠳᠴᠤ ᠠᠷᠠᠳ ᠤᠨ ᠳᠤᠮᠳᠠ ᠬᠠᠳᠠᠭᠠᠯᠠᠬᠳᠠᠵᠦ ᠪᠠᠶᠢᠭ᠎ᠠ ᠤᠰᠤᠨ  ᠬᠤᠷᠮᠤᠢ ᠲᠠᠢ ᠮᠠᠩᠨᠤᠭ ᠳᠡᠪᠡᠯ ᠢ ᠡᠷᠢᠨ ᠦᠵᠡᠵᠦ ᠠᠬᠠᠮᠠᠳ ᠨᠠᠰᠤᠳᠠᠨ ᠠᠴᠠ ᠠᠰᠠᠭᠤᠨ ᠰᠤᠷᠪᠤᠯᠵᠢᠯᠠᠬᠤ᠂ ᠨᠣᠮ  ᠪᠢᠴᠢᠭ᠂ ᠵᠢᠷᠤᠭ᠂ ᠰᠦᠯᠵᠢᠶ᠎ᠡ ᠠᠴᠠ ᠡᠷᠢᠬᠦ ᠮᠡᠳᠦ ᠪᠠᠷ ᠬᠠᠨ ᠣᠯᠤᠰ ᠶᠤᠸᠠᠨ ᠂ ᠮᠢᠩ᠂ ᠴᠢᠩ ᠣᠯᠤᠰ ᠤᠨ ᠦᠶ᠎ᠡ ᠶᠢᠨ  ᠣᠰᠤᠨ ᠬᠤᠷᠮᠤᠢ ᠶᠢᠨ ᠵᠢᠷᠤᠭ ᠳᠦᠷᠰᠦ ᠶᠢ ᠯᠠᠪᠯᠠᠨ ᠦᠵᠡᠬᠦ ᠪᠠᠷ ᠳᠠᠮᠵᠢᠨ ᠤᠰᠤᠨ ᠬᠤᠷᠮᠤᠢ ᠶᠢᠨ ᠵᠢᠷᠤᠭ ᠳᠦᠷᠰᠦ   ᠶᠢᠨ ᠤᠳᠬ᠎ᠠ ᠰᠠᠨᠠᠭ᠎ᠠ ᠶᠢ ᠠᠩᠬ᠎ᠠ ᠠᠯᠬᠤᠮ ᠤᠶᠢᠯᠠᠭᠠᠬᠰᠠᠨ ᠪᠥᠭᠡᠳ ᠡᠷᠳᠡᠨ ᠤ ᠬᠥᠮᠦᠰ ᠤᠨ ᠵᠢᠷᠤᠭ ᠤᠭᠠᠯᠵᠠ ᠨᠢ  ᠳᠦᠷᠰᠣ ᠪᠦᠬᠦᠨ ᠤᠳᠬ᠎ᠠ ᠲᠠᠢ ᠠᠮᠢᠳᠠᠨ ᠪᠦᠬᠦᠨ ᠥᠯᠵᠠᠶᠢᠲᠠᠢ ᠴᠡᠴᠡᠭ ᠪᠦᠬᠦᠨ ᠪᠡᠯᠭᠡ ᠲᠠᠢ ᠪᠠᠶᠢᠳᠠᠭ ᠢ ᠰᠡᠷᠡᠵᠦ  ᠮᠡᠳᠡᠪᠡ᠃ ᠡᠨᠡ ᠰᠠᠭᠤᠷᠢᠨ ᠳᠡᠬᠡᠷ᠎ᠡ ᠪᠢ ᠡᠷᠳᠡᠨ  ᠤ ᠬᠢ ᠶᠢ ᠮᠦᠷᠳᠡᠵᠦ ᠤᠳᠤᠬᠢ ᠲᠠᠢ ᠤᠶᠠᠯᠳᠤᠭᠤᠯᠵᠦ ᠥᠪᠡᠷ ᠤᠨ  ᠰᠠᠨᠠᠭ᠎ᠠ ᠪᠠᠷ ᠢᠶᠠᠨ ᠵᠢᠷᠤᠨ ᠲᠥᠯᠦᠪᠯᠡᠵᠦ ᠬᠤᠷᠢᠳᠤᠭᠠᠷ ᠵᠠᠭᠤᠨ ᠤ ᠪᠥᠳᠦᠭᠡᠯ ᠢ ᠬᠤᠷᠢᠨ ᠨᠢᠭᠡᠳᠡᠭᠡᠷ ᠵᠠᠭᠤᠨ ᠳᠤ  ᠳᠡᠪᠰᠢᠬᠦᠯᠦᠨ ᠬᠥᠭᠵᠢᠬᠦᠯᠬᠦ ᠶᠡᠭᠡ ᠰᠠᠨᠠᠭ᠎ᠠ  ᠶᠢ ᠡᠪᠤᠷᠯᠡᠵᠦ ᠳᠥᠷᠪᠡᠨ ᠵᠢᠯ ᠤᠨ ᠴᠠᠭ ᠢ ᠵᠠᠷᠣᠴᠠᠭᠤᠯᠤᠨ ᠪᠠᠶᠢᠵᠦ ᠬᠡᠤᠬᠡᠨ  ᠬᠦᠷᠭᠡᠨ ᠤ ᠪᠠᠨ ᠬᠤᠷᠢᠮ ᠤᠨ ᠶᠤᠰᠤᠯᠠᠯ ᠤᠨ ᠬᠤᠪᠴᠠᠰᠤ — ᠤᠰᠤᠨ ᠬᠤᠷᠮᠤᠢ ᠲᠠᠢ ᠮᠠᠩᠨᠤᠭ ᠳᠡᠪᠡᠯ ᠢ ᠤᠶᠤᠵᠦ  ᠪᠥᠳᠦᠭᠡᠵᠠᠢ᠃           ᠮᠢᠨ᠋ᠣ ᠤᠶᠤᠬᠰᠠᠨ ᠤᠰᠤᠨ ᠬᠤᠷᠮᠤᠢ ᠨᠢ ᠡᠷᠲᠡᠨ ᠤ ᠤᠳᠬ᠎ᠠ ᠰᠠᠨᠠᠭ᠎ᠠ ᠶᠢ ᠴᠢᠩᠭ᠎ᠠ ᠮᠥᠷᠳᠡᠵᠦ ᠤᠰᠤ ᠶᠢ ᠨᠢ  ᠲᠠᠪᠤᠨ ᠥᠩᠭᠡ ᠪᠠᠷ ᠤᠶᠤᠵᠦ ᠡᠰᠢ ᠡᠷᠬᠡᠲᠡᠨ ᠤ ︽ᠲᠠᠪᠤᠨ ᠮᠠᠬᠪᠤᠳ᠂ ᠲᠠᠪᠤᠨ ᠵᠥᠭ᠂ ᠲᠠᠪᠤᠨ ᠥᠩᠭᠡ ᠶᠢ︾  ᠶᠢ  ᠲᠥᠯᠦᠭᠡᠯᠡᠵᠦ ᠲᠡᠭᠦᠰ ᠲᠡᠷᠭᠡᠯ ᠢ ᠵᠥᠩᠨᠡᠵᠠᠢ᠃ ᠠᠭᠤᠯᠠ ᠤᠰᠤᠨ ᠤ ᠳᠤᠮᠲᠠᠭᠤᠷ ᠨᠢ ᠰᠠᠨᠠᠭᠠᠨ ᠤ ᠠᠶᠠᠰ ᠢᠶᠠᠷ  ᠪᠡᠶᠡᠯᠡᠭᠳᠡᠬᠦ ᠪᠡᠯᠭᠡᠳᠡᠯ ᠢ ᠲᠥᠯᠦᠭᠡᠯᠡᠭᠰᠡᠨ ︽ᠬᠠᠮᠠᠷᠲᠦ ᠡᠭᠦᠯᠡ︾ ᠡᠷᠬᠡ ᠳᠤᠷ᠎ᠠ ᠪᠠᠷ ᠬᠦᠪᠦᠯᠵᠡᠵᠣ ᠯᠤᠤᠰ ᠤᠨ  ᠬᠠᠭᠠᠯᠭ᠎ᠠ ᠨᠡᠭᠡᠭᠡᠭᠳᠡᠨ ᠪᠤᠶᠠᠨ ᠬᠡᠰᠢᠭ ᠳᠡᠯᠭᠡᠷᠡᠵᠦ ᠪᠤᠶᠠᠨᠳᠦ ᠠᠭᠤᠯᠠ ᠶᠢ ᠳᠥᠰᠢᠨ ᠬᠤᠳᠤᠬᠳᠤ ᠤᠰᠤ ᠶᠢ ᠢᠰᠬᠦᠯᠵᠦ  ᠬᠡᠮᠵᠢᠶᠡᠯᠡᠰᠢ ᠦᠭᠡᠢ ᠠᠮᠤᠭᠤᠯᠠᠩ᠂ ᠵᠢᠷᠭᠠᠯᠠᠩ᠂ ᠤᠮᠤᠬᠯᠠᠩ ᠪᠠᠶᠢᠬᠤ ᠶᠢ ᠪᠡᠯᠭᠡᠳᠡᠪᠡ᠃           ᠪᠢ ᠬᠡᠦᠬᠡᠨ ᠤ ᠪᠠᠨ ᠶᠤᠰᠤᠯᠠᠯ ᠤᠨ ᠬᠤᠪᠴᠠᠰᠤ ᠶᠢ ᠤᠰᠤᠨ ᠬᠤᠷᠮᠤᠢ ᠳᠡᠭᠡᠷ᠎ᠡ ᠨᠢ ᠡᠩᠭᠡᠷ ᠲᠠᠯ᠎ᠠ ᠳᠤ ᠨᠢ  ᠡᠷᠬᠢᠮᠰᠦᠭ ᠴᠡᠴᠡᠭ ᠮᠠᠨᠳᠠᠷᠸ᠎ᠠ ᠪᠠ ᠢᠨᠠᠭ ᠬᠠᠶᠢᠷ᠎ᠠ ᠶᠢᠨ ᠪᠡᠯᠭᠡᠳᠡᠯ ᠭᠦ‍‌ᠵᠯᠡᠰᠦᠨ ᠴᠡᠴᠡᠭ ᠢ ᠤᠶᠤᠵᠦ ᠠᠷᠤ ᠲᠠᠯ᠎ᠠ ᠳᠤ  ᠨᠢ  ᠴᠡᠪᠡᠷ ᠠᠷᠢᠭᠤᠨ ᠴᠢᠩ ᠰᠡᠳᠬᠢᠯ ᠤᠨ ᠪᠡᠯᠭᠡᠳᠡᠯ ᠪᠤᠯᠤᠬᠰᠠᠨ ︽ᠯᠢᠩᠬᠸ᠎ᠠ ᠴᠡᠴᠡᠭ ᠠᠯᠲᠠᠨ ᠵᠢᠭᠠᠰᠤ︾ ᠶᠢ ᠤᠷᠠᠯᠠᠵᠦ  ᠬᠡᠦᠬᠡᠨ ᠤ ᠪᠠᠨ ᠦᠨᠡᠨᠴᠢ ᠬᠠᠶᠢᠷ᠎ᠠ ᠪᠠᠨ ᠳᠡᠷᠡᠯᠡᠵᠦ ᠤᠨ ᠤᠨ ᠳᠤ ᠪᠠᠨ ᠦᠯᠡᠭᠦᠦ ᠵᠢᠯ ᠵᠢᠯ ᠳᠤ ᠪᠠᠨ ᠢᠯᠡᠬᠦ ᠪᠠᠶᠠᠨ  ᠡᠷᠬᠢᠮ ᠪᠠᠳᠠᠷᠠᠨ ᠳᠡᠯᠭᠡᠷᠡᠵᠦ ᠶᠠᠪᠤᠬᠤ ᠶᠢ ᠢᠷᠦᠭᠡᠨ ᠵᠥᠩᠨᠡᠪᠡ᠃ ᠬᠠᠨᠴᠤᠢ ᠶᠢᠨ ᠡᠷᠬᠢᠭᠦᠯᠭᠡ ᠳᠡᠭᠡᠷ᠎ᠡ ᠠᠷᠪᠠᠨ ᠬᠤᠶᠠᠷ  ᠪᠠᠭᠪᠠᠭ᠋ᠠᠢ ᠶᠢ ᠤᠷᠠᠯᠠᠵᠦ ᠡᠰᠢ ᠡᠷᠬᠡᠳᠡᠨ ᠤ ᠠᠷᠪᠠᠨ ᠬᠤᠶᠠᠷ ᠨᠤᠭᠤᠯᠠᠭ᠎ᠠ ᠪᠦᠷᠢ ᠳᠤ ᠪᠠᠨ ᠥᠩᠭᠡᠲᠡᠢ ᠥᠭᠡᠳᠡ ᠲᠠᠢ  ᠶᠠᠪᠤᠬᠤ ᠶᠢ ᠢᠷᠦᠭᠡᠵᠠᠢ᠃ ᠡᠩᠭᠡᠷ ᠤᠨᠤᠭᠤ ᠶᠢᠨ ᠬᠥᠪᠡᠭᠡ ᠪᠠᠷ ᠬᠤᠷᠢᠨ ᠨᠠ‍‌ᠵᠮᠠᠨ ᠪᠤᠷᠬᠠᠨᠲᠠᠢ ᠦᠰᠦᠭ ᠢ ᠤᠷᠠᠯᠠᠵᠦ  ᠬᠤᠷᠢᠨ ᠨᠠ‍‌ᠵᠮᠠᠨ ᠤᠳᠤᠨ ᠰᠠᠬᠢᠭᠤᠯᠰᠤᠨ ᠤ ᠢᠪᠡᠭᠡᠨ ᠳᠡᠳᠬᠦᠬᠦ ᠶᠢ ᠳᠠᠭᠠᠳᠬᠠᠵᠠᠢ᠃           ᠬᠥᠷᠭᠡᠨ ᠤ ᠬᠤᠪᠴᠠᠰᠤᠨ ᠤ ᠤᠰᠤᠨ ᠬᠤᠷᠮᠤᠢ ᠶᠢᠨ ᠳᠡᠭᠡᠷ᠎ᠡ ᠲᠠᠯ᠎ᠠ ᠶᠢᠨ ᠠᠷᠤ ᠥᠪᠡᠷ ᠬᠤᠷᠮᠤᠢ ᠳᠤ ᠳᠥᠷᠪᠡᠨ  ᠫᠦᠽᠢ ᠶᠢᠨ ᠳᠤᠮᠳᠠ ᠨᠢ ︽ᠪᠤᠶᠠᠨᠲᠠᠢ︾ ᠦᠰᠦᠭ ᠢ ᠬᠦᠷᠢᠶᠡᠯᠡᠭᠦᠯᠦᠨ ᠳᠠᠪᠤᠨ ᠪᠤᠶᠠᠨ ᠢ ᠳᠥᠯᠦᠭᠡᠯᠡᠭᠰᠡᠨ ᠲᠠᠪᠤᠨ  ᠪᠠᠭᠪᠠᠭ᠋ᠠᠢ ᠪᠠ ᠴᠡᠴᠡᠭ ᠬᠤᠸᠠᠷ ᠢ ᠳᠥᠷᠪᠡᠨ ᠴᠠᠭ ᠤᠨ ᠥᠩᠭᠡ ᠪᠠᠷ ᠤᠷᠠᠯᠠᠵᠦ ᠬᠦᠷᠭᠡᠨ ᠬᠦᠪᠡᠭᠦᠨ ᠤ ᠪᠠᠨ ᠳᠥᠷᠪᠡᠨ  ᠤᠯᠠᠷᠢᠯ ᠳᠡᠭᠰᠢ ᠪᠠᠷ ᠪᠤᠷᠬᠠᠨᠲᠠᠢ᠂ ᠪᠤᠶᠠᠨᠲᠠᠢ ᠥᠩᠭᠡᠲᠠᠢ ᠥᠭᠡᠳᠡᠲᠠᠢ᠂ ᠥᠯᠵᠠᠶᠢᠲᠠᠢ ᠬᠡᠰᠢᠭᠲᠡᠢ ᠥᠭᠡᠳᠡᠯᠡᠨ ᠮᠠᠨᠳᠤᠵᠦ  ᠶᠠᠪᠤᠬᠤ ᠶᠢ ᠢᠷᠦᠭᠡᠨ ᠵᠦᠩᠨᠡᠵᠠᠢ᠃  
      ᠠᠵᠢᠯ ᠠᠴᠠ ᠪᠠᠨ ᠲᠠᠷᠬᠠᠯᠠᠭᠳᠠᠭᠰᠠᠨ ᠪᠠᠭᠰᠢ ᠪᠠᠢ ᠯᠢ ᠰᠢᠶᠠᠩ         ᠪᠠᠢ ᠪᠠᠭᠰᠢ ᠶᠢᠨ ᠣᠷᠠᠯᠠᠨ ᠣᠶᠣᠭᠰᠠᠨ ᠬᠤᠪᠴᠠᠰᠦ
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号