ᠤᠩᠨᠢᠭᠤᠳ ᠬᠤᠪᠴᠠᠰᠤ ᠵᠠᠰᠠᠯ ︵ᠬᠤᠶᠠᠷ︶
ᠨᠡᠶᠢᠲᠡᠯᠡᠭᠰᠡᠨ ᠴᠠᠭ᠄
2017/9/11
   ᠤᠩᠨᠢᠭᠤᠳ ᠬᠤᠪᠴᠠᠰᠤ ᠵᠠᠰᠠᠯ ︵ᠬᠤᠶᠠᠷ︶        ᠲᠦᠷᠪᠡ᠂ ᠤᠩᠨᠢᠭᠤᠳ ᠬᠤᠪᠴᠠᠰᠤ ᠵᠠᠰᠠᠯ ᠤᠨ ᠡᠮᠤᠰᠴᠤ ᠵᠡᠭᠦᠭᠦ ᠱᠠᠭᠠᠷᠳᠠᠯᠭ᠎ᠠ ᠤᠩᠨᠢᠭᠤᠳ ᠤᠨ ᠠᠬᠠᠮᠠᠳ ᠨᠠᠰᠤᠨ ᠤ ᠡᠷᠡᠭᠲᠠᠶᠢᠴᠤᠳ ᠬᠠᠪᠤᠷ ᠨᠠᠮᠤᠷ ᠬᠠᠷ᠎ᠠ ᠬᠤᠷᠠᠭᠠᠨ ᠠᠷᠠᠰᠤ᠂ ᠭᠢᠯᠢᠩ ᠦᠭᠡᠳᠡᠩ ᠬᠠᠳᠠᠭᠰᠠᠨ ᠲᠦᠭᠦᠷᠢᠭ ᠮᠠᠯᠠᠭᠠᠢ᠂ ᠯᠢᠮᠤᠤ ᠮᠠᠯᠠᠭᠠᠢ ᠶᠢ ᠲᠤᠯᠤᠭᠠᠢ ᠳᠠᠭᠠᠨ ᠵᠡᠭᠦᠵᠤ᠂ ᠭᠦᠷᠮ᠎ᠡ᠂ ᠬᠠᠨᠵᠢᠶᠠᠷᠢ᠂ ᠭᠦᠪᠦᠩ ᠲᠠᠢ ᠫᠠᠩᠬᠤ᠂ ᠢᠯᠭᠢᠨ ᠲᠡᠪᠡᠯ᠂ ᠨᠤᠤᠰᠤᠨ ᠨᠡᠭᠡᠮᠡᠯ ᠬᠠᠨᠳᠠᠭᠠᠰᠤ ᠦᠮᠦᠳᠦ᠂ ᠭᠦᠪᠦᠩ ᠦᠮᠦᠳᠦ᠂ ᠢᠯᠢᠭᠢᠨ ᠦᠮᠦᠳᠦ᠂ ᠤᠷᠢᠶᠠᠮᠠᠯ ᠭᠡ ᠤᠭᠠᠯᠵᠠ ᠲᠠᠢ ᠪᠦᠰ ᠭᠤᠳᠤᠯ᠂ ᠠᠷᠠᠰᠤᠨ ᠭᠤᠳᠤᠯ᠂ ᠭᠦᠪᠦᠩ ᠤᠶᠢᠮᠤᠰᠤ᠂ ᠵᠢᠶᠠ ᠤᠶᠢᠮᠤᠰᠤ ᠵᠡᠷᠭᠡ ᠶᠢ ᠡᠮᠦᠰᠳᠡᠭ᠃ ᠵᠤᠨ ᠳᠠᠭᠠᠨ ᠲᠤᠯᠤᠭᠠᠢ ᠳᠠᠭᠠᠨ ᠦᠰᠦᠲᠠᠢ ᠴᠠᠭᠠᠨ ᠠᠯᠴᠢᠭᠤᠷ᠂ ᠲᠠᠯᠪᠢᠬᠤ ᠪᠤᠶᠤ ᠰᠡᠭᠦᠪᠴᠡᠳᠤ ᠰᠠᠷᠠᠪᠴᠢ ᠲᠠᠢ ᠲᠦᠭᠦᠷᠢᠭ ᠮᠠᠯᠠᠭᠠᠢ᠂ ᠨᠠᠷᠠᠨ ᠮᠠᠯᠠᠭᠠᠢ᠂ ᠪᠦᠷᠭᠦ ᠮᠠᠯᠠᠭᠠᠢ ᠵᠡᠭᠦᠵᠤ᠂ ᠪᠡᠶ᠎ᠡ ᠳᠤ ᠪᠠᠨ ᠵᠢᠶᠠ ᠪᠤᠶᠤ ᠲᠠᠩ ᠴᠠᠮᠴᠠ᠂ ᠲᠡᠷᠯᠢᠭ᠂ ᠲᠠᠩ ᠬᠠᠨᠳᠠᠭᠠᠰᠤ ᠡᠮᠦᠰᠳᠡᠭ᠃ ᠭᠦᠯ ᠳᠤ ᠪᠠᠨ ᠪᠦᠰ ᠭᠤᠳᠤᠯ᠂ ᠪᠦᠰ ᠱᠠᠬᠠᠢ᠂ ᠪᠦᠰ ᠤᠶᠢᠮᠤᠰᠤ᠂ ᠤᠳᠠᠰᠤᠨ ᠤᠶᠢᠮᠤᠰᠤ ᠡᠮᠦᠰᠳᠡᠭ᠃ ᠡᠪᠤᠯ ᠪᠤᠯ ᠲᠤᠯᠤᠭᠠᠢ ᠳᠠᠭᠠᠨ ᠦᠨᠡᠭᠡᠨ ᠠᠷᠠᠰᠤᠨ ᠮᠠᠯᠠᠭᠠᠢ᠂ ᠢᠰᠡᠭᠡᠢ ᠲᠤᠭᠤᠷᠴᠤᠭ᠂ ᠮᠠᠬᠤᠵᠠ ᠮᠠᠯᠠᠭᠠᠢ᠂ ᠲᠦᠭᠦᠷᠢᠭ ᠮᠠᠯᠠᠭᠠᠢ ᠵᠡᠭᠦᠵᠤ᠂ ᠪᠡᠶ᠎ᠡ ᠳᠤ ᠪᠠᠨ ᠤᠳᠤᠮᠠᠯ ᠠᠷᠠᠰᠤᠨ ᠲᠡᠪᠡᠯ᠂ ᠦᠩᠭᠡ ᠴᠠᠭᠠᠨ ᠠᠷᠠᠰᠤᠨ ᠲᠡᠪᠡᠯ᠂ ᠭᠠᠳᠠᠷ ᠲᠠᠢ ᠨᠠᠭᠡᠢ ᠲᠡᠪᠡᠯ᠂ ᠵᠤᠪᠴᠠᠭ᠎ᠠ᠂ ᠬᠤᠨᠢ ᠢᠮᠠᠭᠠᠨ ᠠᠷᠠᠰᠤᠨ ᠳ᠋ᠠᠴᠠᠩ᠂ ᠭᠦᠪᠦᠩ ᠫᠠᠩᠬᠤ᠂ ᠠᠷᠠᠰᠤᠨ ᠬᠠᠨᠵᠢᠶᠠᠷᠢ᠂ ᠦᠭᠡᠳᠡᠩ ᠬᠠᠨᠵᠢᠶᠠᠷᠢ᠂ ᠠᠷᠠᠰᠤᠨ ᠦᠮᠦᠳᠦ᠂ ᠭᠦᠪᠦᠩ ᠦᠮᠦᠳᠦ᠂ ᠦᠩᠭᠡ ᠴᠠᠭᠠᠨ ᠠᠷᠠᠰᠤᠨ ᠦᠮᠦᠳᠦ ᠵᠡᠷᠭᠡ ᠶᠢ ᠰᠤᠩᠭᠤᠨ ᠡᠮᠦᠰᠳᠡᠭ᠃ ᠭᠦᠯ ᠳᠤ ᠪᠠᠨ ᠪᠤᠯᠢᠭᠠᠷᠢᠨ ᠭᠤᠳᠤᠯ᠂ ᠡᠯᠳᠡᠮᠡᠯ ᠠᠷᠠᠰᠤᠨ ᠭᠤᠳᠤᠯ᠂ ᠢᠰᠡᠭᠡᠢ ᠭᠤᠳᠤᠯ᠂ ᠪᠦᠰ ᠭᠤᠳᠤᠯ᠂ ᠢᠰᠡᠭᠡᠢ ᠤᠶᠢᠮᠤᠰᠤ᠂ ᠭᠦᠪᠦᠩ ᠤᠶᠢᠮᠤᠰᠤ ᠵᠡᠷᠭᠡ ᠶᠢ ᠡᠮᠦᠰᠳᠡᠭ᠃ ᠵᠤᠪᠴᠠᠭ᠎ᠠ ᠳᠤ ᠨᠢ ᠬᠤᠷᠠᠭᠠᠨ ᠵᠤᠪᠴᠠᠭ᠎ᠠ᠂ ᠦᠵᠦᠭᠦᠷᠰᠦᠨ ᠵᠤᠪᠴᠠᠭ᠎ᠠ᠂ ᠰᠡᠩᠰᠡᠨ ᠵᠤᠪᠴᠠᠭ᠎ᠠ ᠭᠡᠵᠤ ᠪᠠᠶᠢᠳᠠᠭ᠃ ᠲᠡᠳᠡ ᠵᠢᠨᠴᠠᠤ ᠪᠦᠰᠡ ᠪᠦᠰᠡᠯᠡᠳᠡᠭ᠃ ᠪᠦᠰᠡᠨ ᠠᠴᠠ ᠪᠠᠨ ᠭᠡᠲᠡ ᠪᠠ ᠭᠠᠩᠰᠠ ︵ᠳ᠋ᠠᠢ︶ ᠰᠦᠢᠷᠠᠳᠠᠭ᠃     ᠢᠳᠡᠷ ᠵᠠᠯᠠᠭᠤ ᠡᠷᠡᠭᠲᠠᠶᠢᠴᠤᠳ ᠡᠪᠤᠯ ᠵᠢᠯ ᠴᠠᠭᠠᠨ ᠰᠠᠷ᠎ᠠ᠂ ᠬᠤᠷᠢᠮ ᠨᠠᠶᠢᠷ ᠪᠤᠯᠪᠠᠯ ᠲᠡᠷᠢᠭᠦᠨ ᠳᠤ ᠪᠠᠨ ᠪᠤᠯᠭ᠎ᠠ ᠬᠠᠯᠢᠭᠤ ᠶᠢᠨ ᠦᠰᠦ ᠬᠠᠳᠠᠭᠰᠠᠨ ᠤᠯᠠᠭᠠᠨ ᠰᠠᠮᠫᠠᠨ ᠵᠠᠯᠠᠭ᠎ᠠ ᠲᠠᠢ ᠲᠦᠭᠦᠷᠢᠭ ᠮᠠᠯᠠᠭᠠᠢ ᠪᠤᠶᠤ ᠦᠨᠡᠭᠡᠨ ᠮᠠᠯᠠᠭᠠᠢ ᠵᠠᠭᠦᠳᠡᠭ᠃ ᠪᠡᠶ᠎ᠡ ᠳᠤ ᠪᠠᠨ ᠬᠤᠷᠭᠤᠢ ᠡᠮᠵᠢᠶᠡᠷᠢ ᠲᠠᠢ ᠫᠦᠰᠡᠨ ᠬᠤᠸᠠᠷ ᠲᠠᠢ ᠬᠠᠷ᠎ᠠ ᠪᠤᠶᠤ ᠭᠦᠭᠡ ᠦᠩᠭᠡ ᠶᠢᠨ ᠲᠤᠷᠭᠠᠨ ᠭᠠᠳᠠᠷ ᠲᠠᠢ ᠬᠤᠷᠠᠭᠠᠨ ᠠᠷᠠᠰᠤᠨ ᠲᠡᠪᠡᠯ ᠡᠮᠦᠰᠴᠤ᠂ ᠲᠤᠷᠭ᠎ᠠ ᠲᠤᠷᠳᠤᠩ ᠤᠨ ᠪᠦᠰᠡ ᠶᠢ ᠠᠭᠠᠷᠴᠠᠭ ᠨᠢᠷᠤᠭᠤᠨ ᠳᠠᠭᠠᠨ ᠬᠤᠶᠠᠷ ᠴᠠᠴᠤᠭ ᠭᠠᠷᠭᠠᠨ ᠱᠠᠪᠭᠢᠳᠠᠯ᠎ᠠ ᠪᠦᠰᠡᠯᠡᠳᠡᠭ᠃ ᠲᠡᠳᠡ ᠪᠠᠰᠠ ᠲᠡᠪᠡᠯ ᠤᠨ ᠭᠠᠳᠠᠭᠤᠷ ᠢᠶᠠᠨ ᠭᠦᠷᠮ᠎ᠡ ᠪᠤᠶᠤ ᠲᠤᠷᠭᠠᠨ ᠬᠠᠨᠵᠢᠶᠠᠷᠢ ᠰᠤᠭᠰᠤᠷᠠᠳᠠᠭ᠃ ᠲᠡᠪᠡᠯ ᠳᠤᠳᠤᠷ᠎ᠠ ᠪᠠᠨ ᠳᠤᠳᠤᠷ ᠬᠠᠨᠳᠠᠭᠠᠰᠤ ᠡᠮᠦᠰᠳᠡᠭ᠃ ᠭᠦᠯ ᠲᠡᠭᠡᠨ ᠭᠡ ᠤᠭᠠᠯᠵᠠ ᠲᠠᠢ ᠤᠷᠢᠶᠠᠮᠠᠯ ᠦᠭᠡᠳᠡᠩ ᠭᠤᠳᠤᠯ ᠡᠮᠦᠰᠴᠤ᠂ ᠭᠤᠳᠤᠯ ᠤᠨ ᠳᠤᠳᠤᠷ᠎ᠠ ᠪᠠᠨ ᠬᠤᠷᠭᠤᠢ ᠪᠤᠶᠤ ᠬᠠᠷ᠎ᠠ ᠪᠦᠰ ᠢᠶᠠᠷ ᠭᠦᠪᠦᠭᠡᠯᠡᠭᠰᠡᠨ ᠢᠰᠡᠭᠡᠢ ᠤᠶᠢᠮᠤᠰᠤ ᠡᠮᠦᠰᠳᠡᠭ᠃ ᠪᠠᠷᠠᠭᠤᠨ ᠲᠠᠰᠢᠶᠠᠨ ᠤ ᠮᠦᠩᠭᠦᠨ ᠲᠤᠤᠬᠠᠢ ᠠᠴᠠ ᠪᠠᠨ ᠮᠦᠩᠭᠦᠨ ᠴᠢᠮᠡᠭ ᠮᠤᠳᠤᠨ ᠬᠤᠢ ᠲᠠᠢ ᠮᠤᠩᠭᠤᠯ ᠭᠢᠳᠤᠭ᠎ᠠ ᠰᠦᠢᠷᠠᠵᠤ᠂ ᠵᠡᠭᠦᠨ ᠲᠠᠰᠢᠶᠠᠨ ᠤ ᠮᠦᠩᠭᠦᠨ ᠲᠤᠤᠬᠠᠢ ᠠᠴᠠ ᠪᠠᠨ ᠮᠦᠩᠭᠦᠨ ᠡᠯᠭᠦᠭᠦᠷ ᠲᠠᠢ ᠪᠤᠯᠢᠭᠠᠷᠢᠨ ᠭᠡᠳᠡᠪᠴᠢ ᠲᠠᠢ ᠭᠠᠩ ᠭᠡᠳᠡ ᠰᠦᠢᠷᠠᠳᠠᠭ᠃ ᠵᠡᠭᠦᠨ ᠲᠠᠰᠢᠶᠠᠨ ᠤ ᠡᠮᠦᠨ᠎ᠡ ᠲᠠᠯ᠎ᠠ ᠶᠢᠨ ᠪᠦᠰᠡᠨ ᠠᠴᠠ ᠪᠠᠨ ᠮᠠᠨᠤᠤ᠂ ᠬᠠᠰ᠂ ᠱᠠᠵᠠᠩ ᠭᠦᠭᠦᠷ ᠰᠠᠪᠠᠯᠠᠭᠰᠠᠨ ᠭᠦᠭᠦᠷ ᠤᠨ ᠲᠠᠶᠢᠯᠤᠤᠷ ︵ᠪᠠᠰᠠ ᠲᠠᠶᠢᠯᠢᠩ᠂ ᠲᠠᠯᠢᠶᠠᠷ ᠭᠡᠳᠡᠭ︶ ᠢ ᠰᠦᠢᠷᠠᠳᠠᠭ᠃ ᠲᠠᠮᠠᠭᠢ ᠳᠠᠳᠠᠳᠠᠭ ᠨᠢᠭᠡ ᠨᠢ ᠪᠦᠰᠡᠨ ᠤ ᠠᠷᠤ ᠳᠠᠭᠠᠨ ᠵᠢᠷᠭᠤᠭᠠᠨ ᠦᠩᠭᠡ ᠶᠢᠨ ᠨᠠᠪᠴᠢᠯᠠᠭ᠎ᠠ ︵ᠫᠢᠶᠤᠤᠲᠠᠢ︶ ᠲᠠᠢ ᠬᠠᠳᠬᠤᠮᠠᠯ ᠪᠤᠶᠤ ᠰᠡᠶᠢᠯᠡᠭᠦᠷᠢ ᠲᠠᠢ ᠬᠤᠸᠠᠷ ᠲᠠᠢ ᠬᠠᠪᠳᠠᠭ᠎ᠠ ︵ᠰᠢᠭᠤᠲᠠᠢ︶ ᠪᠠ ᠮᠦᠩᠭᠦᠨ ᠲᠤᠯᠤᠭᠠᠢ ᠬᠠᠰ ᠰᠢᠯᠪᠢ ᠲᠠᠢ ᠭᠠᠩᠰᠠ ᠰᠦᠢᠷᠠᠳᠠᠭ᠃ ᠬᠠᠪᠤᠷ ᠨᠠᠮᠤᠷ ᠪᠤᠯ ᠡᠷᠡᠭᠲᠠᠶᠢᠴᠤᠳ ᠲᠤᠯᠤᠭᠠᠢ ᠳᠠᠭᠠᠨ ᠬᠠᠷ᠎ᠠ ᠬᠤᠷᠠᠭᠠᠨ ᠠᠷᠠᠰᠤ ᠶᠢ ᠬᠠᠳᠠᠭᠰᠠᠨ ᠲᠦᠭᠦᠷᠢᠭ ᠮᠠᠯᠠᠭᠠᠢ᠂ ᠵᠠᠩᠵᠤᠨ ᠮᠠᠯᠠᠭᠠᠢ᠂ ᠯᠢᠮᠤᠤ ᠮᠠᠯᠠᠭᠠᠢ ᠵᠡᠭᠦᠳᠡᠭ᠃ ᠪᠡᠶ᠎ᠡ ᠳᠤ ᠪᠠᠨ ᠭᠦᠭᠡ ᠲᠤᠷᠭᠠᠨ ᠭᠦᠪᠦᠩ ᠫᠠᠩᠬᠤ ᠪᠤᠶᠤ ᠲᠡᠷᠯᠢᠭ᠂ ᠨᠤᠤᠰᠤᠨ ᠨᠡᠭᠡᠮᠡᠯ ᠬᠠᠨᠳᠠᠭᠠᠰᠤ ᠦᠮᠦᠳᠦ᠂ ᠪᠦᠰ ᠦᠮᠦᠳᠦ ᠡᠮᠦᠰᠳᠡᠭ᠃ ᠲᠡᠷᠯᠢᠭ ᠤᠨ ᠭᠠᠳᠠᠭᠤᠷ ᠢᠶᠠᠨ ᠬᠠᠷ᠎ᠠ ᠦᠭᠡᠳᠡᠩ ᠪᠤᠶᠤ ᠲᠤᠷᠭᠠᠨ ᠬᠤᠷᠭᠤᠢ ᠡᠮᠵᠢᠶᠡᠷᠢ ᠂ ᠭᠦᠪᠦᠭᠡ ᠤᠭᠠᠯᠵᠠ ᠲᠠᠢ ᠬᠠᠨᠵᠢᠶᠠᠷᠢ ᠰᠤᠭᠰᠤᠷᠳᠠᠭ᠃ ᠭᠦᠯ ᠳᠤ ᠪᠠᠨ ᠦᠪᠴᠢ ᠨᠤᠭᠤᠭᠠᠨ ᠤᠳᠠᠰᠤᠨ ᠤᠷᠢᠶᠠᠮᠠᠯ ᠭᠡ ᠤᠭᠠᠯᠵᠠ ᠲᠠᠢ ᠪᠦᠰ ᠭᠤᠳᠤᠯ ᠪᠠ ᠭᠦᠪᠦᠩ ᠤᠶᠢᠮᠤᠰᠤ ᠪᠤᠶᠤ ᠵᠢᠶᠠ ᠤᠶᠢᠮᠤᠰᠤ ᠡᠮᠦᠰᠳᠡᠭ᠃ ᠪᠦᠰᠡ ᠪᠦᠰᠡᠯᠡᠭᠦ ᠪᠠ ᠵᠡᠭᠦᠵᠤ ᠰᠦᠢᠷᠠᠬᠤ ᠨᠢ ᠡᠪᠤᠯ ᠤᠨ ᠤᠯᠠᠷᠢᠯ ᠲᠠᠢ ᠠᠲᠠᠯᠢ᠃ ᠵᠤᠨ ᠤ ᠤᠯᠠᠷᠢᠯ ᠳᠤ ᠢᠳᠡᠷ ᠵᠠᠯᠠᠭᠤᠴᠤᠳ ᠭᠢᠯᠠᠰᠤᠮ᠎ᠠ ᠦᠩᠭᠡ ᠶᠢᠨ ᠭᠦᠭᠡ ᠲᠤᠷᠭᠠᠨ ᠲᠡᠷᠯᠢᠭ ᠡᠮᠦᠰᠴᠤ᠂ ᠲᠤᠯᠤᠭᠠᠢ ᠳᠠᠭᠠᠨ ᠯᠢᠮᠤᠤ ᠮᠠᠯᠠᠭᠠᠢ ᠪᠤᠶᠤ ᠵᠠᠩᠵᠤᠨ ᠮᠠᠯᠠᠭᠠᠢ ᠵᠡᠭᠦᠵᠤ᠂ ᠭᠦᠯ ᠳᠤ ᠪᠠᠨ ᠦᠪᠴᠢ ᠨᠤᠭᠤᠭᠠᠨ ᠤᠳᠠᠰᠤ ᠪᠠᠷ ᠤᠷᠢᠶᠠᠭᠰᠠᠨ ᠭᠡ ᠤᠭᠠᠯᠵᠠ ᠲᠠᠢ ᠪᠦᠰ ᠭᠤᠳᠤᠯ᠂ ᠪᠦᠰ ᠱᠠᠬᠠᠢ ᠪᠠ ᠤᠳᠠᠰᠤᠨ ᠤᠶᠢᠮᠤᠰᠤ ᠡᠮᠦᠰᠴᠤ ᠪᠠᠶᠢᠳᠠᠭ᠃ ᠪᠦᠰᠡ ᠪᠦᠰᠡᠯᠡᠭᠦ ᠪᠠ ᠵᠠᠭᠦᠵᠤ ᠰᠦᠢᠷᠠᠬᠤ ᠨᠢ ᠡᠪᠤᠯ ᠤᠨ ᠤᠯᠠᠷᠢᠯ ᠲᠠᠢ ᠠᠳᠠᠯᠢ᠃      ᠤᠩᠨᠢᠭᠤᠳ ᠡᠮᠡᠭᠲᠠᠶᠢᠴᠤᠳ ᠬᠠᠪᠤᠷ ᠨᠠᠮᠤᠷ ᠲᠠᠭᠠᠨ ᠲᠤᠯᠤᠭᠠᠢ ᠳᠠᠭᠠᠨ ᠱᠢᠷᠤᠨ ᠮᠠᠯᠠᠭᠠᠢ᠂ ᠲᠤᠭᠤᠢ ᠮᠠᠯᠠᠭᠠᠢ ᠂ ᠠᠯᠴᠢᠭᠤᠷ ᠵᠡᠭᠦᠨ᠎ᠡ᠃ ᠬᠤᠶᠠᠷ ᠤᠭ ᠪᠤᠭᠤᠵᠤ᠂ ᠳᠠᠳᠠᠭᠤᠷ ᠳᠠᠳᠠᠵᠤ᠂ ᠤᠨᠵᠢᠯᠠᠭ᠎ᠠ ᠪᠠ ᠬᠠᠳᠬᠤᠭᠤᠷ ᠬᠠᠳᠬᠤᠨ ᠂ ᠴᠢᠭᠢᠨ ᠳᠤ ᠪᠠᠨ ᠰᠦᠢᠭᠡ ᠵᠡᠭᠦᠵᠤ᠂ ᠭᠠᠷ ᠲᠠᠭᠠᠨ ᠮᠦᠩᠭᠦᠨ ᠪᠠᠭᠤᠤ ᠪᠠ ᠱᠢᠷᠦ ᠤᠭ᠍ᠶᠤ ᠶᠢᠨ ᠰᠢᠭᠢᠳᠭᠡᠷ ᠲᠠᠢ ᠪᠦᠭᠡᠯᠵᠢᠭ ᠵᠡᠭᠦᠳᠡᠭ᠃ ᠲᠡᠳᠡ ᠪᠡᠶ᠎ᠡ ᠳᠤ ᠪᠠᠨ ᠨᠤᠭᠤᠭᠠᠨ᠂ ᠤᠯᠠᠭᠠᠨ᠂ ᠬᠤᠨᠳᠠᠨ ᠦᠩᠭᠡ ᠶᠢᠨ ᠲᠡᠷᠯᠢᠭ᠂ ᠮᠠᠩᠨᠤᠭ ᠲᠤᠷᠭᠠᠨ ᠵᠢᠶᠠ ᠲᠡᠪᠡᠯ᠂ ᠬᠠᠳᠬᠤᠮᠠᠯ ᠬᠤᠸᠠᠷ ᠲᠠᠢ ᠬᠠᠷ᠎ᠠ ᠲᠤᠷᠭᠠᠨ ᠦᠨᠳᠦᠷ ᠤᠤᠵᠢ᠂ ᠨᠤᠤᠰᠤᠨ ᠨᠡᠭᠡᠮᠡᠯ ᠬᠠᠨᠳᠠᠭᠠᠰᠤ ᠦᠮᠦᠳᠤ᠂ ᠪᠦᠰ ᠬᠠᠨᠳᠠᠭᠠᠰᠤ ᠦᠮᠦᠳᠦ᠂ ᠪᠦᠰ ᠴᠠᠭᠠᠨ ᠴᠠᠮᠴᠠ ᠪᠠ ᠬᠠᠳᠬᠤᠮᠠᠯ ᠬᠤᠸᠠᠷ ᠲᠠᠢ ᠲᠤᠷᠭᠠᠨ ᠬᠠᠨᠵᠢᠶᠠᠷᠢ ᠵᠡᠷᠭᠡ ᠶᠢ ᠡᠮᠦᠰᠳᠡᠭ᠃ ᠭᠦᠯ ᠳᠤ ᠪᠠᠨ ᠦᠪᠴᠢ ᠬᠠᠳᠬᠤᠮᠠᠯ ᠬᠤᠸᠠᠷ ᠲᠠᠢ ᠪᠤᠶᠤ ᠤᠷᠢᠶᠠᠮᠠᠯ ᠬᠤᠸᠠᠷ ᠲᠠᠢ ᠪᠦᠰ ᠭᠤᠳᠤᠯ ᠪᠠ ᠭᠦᠪᠦᠩ ᠤᠶᠢᠮᠤᠰᠤ᠂ ᠨᠤᠤᠰᠤᠨ ᠤᠶᠢᠮᠤᠰᠤ ᠡᠮᠦᠰᠳᠡᠭ᠃ ᠡᠮᠡᠭᠲᠠᠶᠢᠴᠤᠳ ᠡᠷᠳᠡᠨ ᠲᠡᠭᠡᠨ ᠪᠦᠰᠡ ᠪᠦᠰᠡᠯᠡᠭᠦ ᠦᠭᠡᠢ ᠪᠠᠶᠢᠵᠠᠢ᠃ ᠤᠳᠤ ᠪᠦᠰᠡ ᠪᠦᠰᠡᠯᠡᠭᠦ ᠪᠤᠯᠵᠤ ᠪᠠᠶᠢᠨ᠎ᠠ᠃ ᠪᠦᠰᠡᠭᠦ᠋ᠢᠴᠤᠳ ᠡᠩᠭᠡᠷ ᠤᠨ ᠲᠤᠪᠴᠢᠨ ᠳᠠᠭᠠᠨ ᠲᠠᠮᠠᠭᠢᠨ ᠬᠠᠪᠳᠠᠭ᠎ᠠ ᠪᠠᠨ ᠵᠡᠭᠦᠵᠤ᠂ ᠡᠪᠤᠷ ᠲᠤ ᠪᠠᠨ ᠡᠪᠤᠷᠯᠡᠵᠤ ᠶᠠᠪᠤᠳᠠᠭ᠃ ᠲᠡᠳᠡᠨ ᠤ ᠲᠠᠮᠠᠭᠢᠨ ᠬᠠᠪᠳᠠᠭ᠎ᠠ ᠨᠢ ᠡᠷᠡᠭᠲᠠᠶᠢᠴᠤᠤᠳ ᠤᠨ ᠬᠢ ᠠᠴᠠ ᠨᠡᠩ ᠭᠤᠶᠤ ᠰᠠᠶᠢᠬᠠᠨ ᠬᠠᠳᠬᠤᠮᠠᠯ ᠬᠤᠸᠠᠷ ᠪᠤᠶᠤ ᠰᠡᠶᠢᠯᠡᠭᠦᠷ ᠲᠠᠢ ᠪᠠᠶᠢᠳᠠᠭ᠃ ᠡᠷᠡᠭᠲᠠᠶᠢᠴᠤᠳ ᠤᠨ ᠲᠠᠮᠠᠭᠢᠨ ᠬᠠᠪᠳᠠᠭ᠎ᠠ ᠶᠢᠨ ᠨᠠᠪᠴᠢᠯᠭ᠎ᠠ ︵ᠫᠢᠶᠤᠤᠲᠠᠢ︶ ᠶᠢ ᠬᠠᠪᠲᠠᠭ᠎ᠠ ᠶᠢᠨ ᠠᠮᠰᠠᠷ ᠤᠨ ᠲᠡᠭᠡᠷ᠎ᠡ ᠲᠠᠯ᠎ᠠ ᠠᠴᠠ ᠬᠤᠶᠠᠷ ᠪᠦᠴᠡ ᠪᠠᠷ ᠬᠤᠯᠪᠤᠵᠤ ᠬᠠᠳᠠᠵᠤ ᠪᠠᠶᠢᠬᠤ ᠳᠤ ᠡᠮᠡᠭᠲᠠᠶᠢᠴᠤᠳ ᠤᠨ ᠲᠠᠮᠠᠭᠢᠨ ᠬᠠᠪᠲᠠᠭ᠎ᠠ ᠶᠢᠨ ᠨᠠᠪᠴᠢᠯᠭ᠎ᠠ ᠶᠢ ᠬᠠᠷᠢᠨ ᠲᠠᠮᠠᠭᠢᠨ ᠬᠠᠪᠲᠠᠭ᠎ᠠ ᠶᠢᠨ ᠠᠮᠰᠠᠷ ᠤᠨ ᠲᠤᠤᠷ᠎ᠠ ᠲᠠᠯ᠎ᠠ ᠳᠤ ᠰᠢᠭᠤᠳ ᠬᠠᠳᠠᠵᠤ ᠪᠠᠶᠢᠳᠠᠭ᠃ ᠪᠦᠰᠡᠭᠦ᠋ᠢᠴᠤᠳ ᠡᠪᠤᠯ ᠤᠨ ᠤᠯᠠᠷᠢᠯ ᠳᠤ ᠲᠤᠯᠤᠭᠠᠢ ᠳᠠᠭᠠᠨ ᠦᠨᠡᠭᠡᠨ ᠠᠷᠠᠰᠤ ᠶᠢ ᠬᠠᠳᠠᠭᠰᠠᠨ ᠬᠠᠷ᠎ᠠ᠂ ᠨᠤᠭᠤᠭᠠᠨ᠂ ᠤᠯᠠᠭᠠᠨ ᠦᠩᠭᠡ ᠶᠢᠨ ᠲᠤᠷᠭᠠᠨ ᠭᠠᠳᠠᠷ ᠲᠠᠢ ᠬᠠᠳᠬᠤᠮᠠᠯ ᠬᠤᠸᠠᠷ ᠲᠠᠢ ᠭᠤᠶᠤ ᠰᠠᠶᠢᠬᠠᠨ ᠴᠢᠭᠢᠪᠴᠢ ᠵᠡᠭᠦᠭᠦ ᠪᠤᠶᠤ ᠦᠨᠡᠭᠡᠨ ᠠᠷᠠᠰᠤᠨ ᠮᠠᠯᠠᠭᠠᠢ ᠵᠠᠭᠦᠳᠡᠭ᠃ ᠪᠡᠶ᠎ᠡ ᠳᠤ ᠪᠠᠨ ᠲᠤᠷᠭᠠᠨ ᠭᠠᠳᠠᠷ ᠲᠠᠢ ᠦᠨᠡᠭᠡᠨ ᠲᠡᠪᠡᠯ᠂ ᠬᠤᠷᠠᠭᠠᠨ ᠲᠡᠪᠡᠯ᠂ ᠭᠦᠪᠦᠩ ᠫᠠᠩᠬᠤ᠂ ᠭᠦᠪᠦᠩ ᠤᠯᠤᠩᠲᠠᠢ ᠪᠠ ᠪᠦᠰ ᠭᠠᠳᠠᠷ ᠲᠠᠢ ᠬᠤᠷᠠᠭᠠᠨ ᠠᠷᠠᠰᠤᠨ ᠦᠮᠦᠳᠦ ᠪᠤᠶᠤ ᠭᠦᠪᠦᠩ ᠦᠮᠦᠳᠦ ᠡᠮᠦᠰᠳᠡᠭ᠃ ᠵᠠᠷᠢᠮ ᠠᠮᠢᠳᠤᠷᠠᠯ ᠳᠠᠭᠠᠨ ᠭᠦᠴᠡᠷ ᠲᠠᠢ ᠡᠷᠦᠭᠡ ᠶᠢᠨ ᠪᠦᠰᠡᠭᠦ᠋ᠢᠴᠤᠳ ᠴᠤᠯᠭᠤᠢ ᠴᠠᠭᠠᠨ ᠢᠮᠠᠭᠠᠨ ᠠᠷᠠᠰᠤᠨ ᠲᠡᠪᠡᠯ ᠡᠮᠦᠰᠳᠡᠭ᠃ ᠭᠦᠯ ᠳᠤ ᠪᠠᠨ ᠤᠷᠢᠶᠠᠮᠠᠯ ᠬᠤᠸᠠᠷ ᠲᠠᠢ ᠪᠦᠰ ᠭᠤᠳᠤᠯ ᠪᠤᠶᠤ ᠬᠠᠳᠬᠤᠮᠠᠯ ᠬᠤᠸᠠᠷ ᠲᠠᠢ ᠪᠦᠰ ᠭᠤᠳᠤᠯ᠂ ᠢᠰᠡᠭᠡᠢ ᠤᠶᠢᠮᠤᠰᠤ ᠡᠮᠦᠰᠳᠡᠭ᠃ ᠪᠤᠰᠤᠳ ᠵᠠᠰᠠᠯ ᠨᠢ ᠬᠠᠪᠤᠷ ᠨᠠᠮᠤᠷ ᠤᠨ ᠤᠯᠠᠷᠢᠯ ᠤᠨ ᠲᠠᠢ ᠠᠲᠠᠯᠢ᠃ ᠵᠤᠨ ᠤ ᠤᠯᠠᠷᠢᠯ ᠳᠤ ᠲᠡᠳᠡ ᠲᠠᠩ ᠴᠠᠮᠴᠠ᠂ ᠲᠠᠩ ᠲᠡᠷᠯᠢᠭ᠂ ᠪᠦᠰ ᠬᠠᠨᠳᠠᠭᠠᠰᠤ᠂ ᠪᠦᠰ ᠦᠮᠦᠳᠦ ᠡᠮᠦᠰᠳᠡᠭ᠃ ᠲᠤᠯᠤᠭᠠᠢ ᠳᠠᠭᠠᠨ ᠤᠭ ᠪᠤᠭᠤᠨ᠂ ᠲᠤᠷᠭ᠎ᠠ ᠲᠤᠷᠳᠠᠩ ᠠᠯᠴᠢᠭᠤᠷ ᠲᠠᠯᠪᠢᠵᠤ᠂ ᠨᠠᠷᠠᠨ ᠮᠠᠯᠠᠭᠠᠢ ᠵᠠᠭᠦᠳᠡᠭ᠃ ᠭᠦᠯ ᠳᠤ ᠪᠠᠨ ᠬᠠᠳᠬᠤᠮᠠᠯ ᠬᠤᠸᠠᠷ ᠲᠠᠢ ᠵᠦᠢᠯ ᠪᠦᠷᠢ ᠶᠢᠨ ᠱᠠᠭᠠᠢ᠂ ᠬᠠᠳᠬᠤᠮᠠᠯ ᠬᠤᠸᠠᠷ ᠲᠠᠢ ᠪᠦᠰ ᠭᠤᠳᠤᠯ ᠪᠠ ᠤᠳᠠᠰᠤᠨ ᠤᠶᠢᠮᠤᠰᠤ ᠡᠮᠦᠰᠳᠡᠭ᠃ ᠪᠤᠰᠤᠳ ᠵᠠᠰᠠᠯ ᠨᠢ ᠬᠠᠪᠤᠷ ᠨᠠᠮᠤᠷ ᠤᠨ ᠤᠯᠠᠷᠢᠯ ᠤᠨ ᠵᠠᠰᠠᠯ ᠲᠠᠢ ᠠᠳᠠᠯᠢ᠃      ᠨᠠᠰᠤᠮᠠᠭ ᠨᠠᠰᠤᠨ ᠤ ᠭᠦᠭᠰᠢᠨ ᠡᠮᠡᠭᠲᠠᠶᠢᠴᠤᠳ ᠤᠯᠩᠭᠢ ᠳᠠᠭᠠᠨ ᠭᠦᠭᠡ᠂ ᠪᠤᠷᠤ᠂ ᠴᠠᠭᠠᠨ ᠦᠩᠭᠡ ᠶᠢᠨ ᠴᠠᠮᠴᠠ᠂ ᠫᠠᠩᠬᠤ᠂ ᠠᠷᠠᠰᠤᠨ ᠲᠡᠪᠡᠯ ᠡᠮᠦᠰᠴᠦ᠂ ᠲᠤᠯᠤᠭᠠᠢ ᠳᠠᠭᠠᠨ ᠤᠭ ᠪᠤᠭᠤᠵᠤ᠂ ᠠᠯᠴᠢᠭᠤᠷ ᠲᠠᠯᠪᠢᠨ᠂ ᠪᠤᠷᠤᠭᠵᠢᠭᠤᠨ ᠦᠩᠭᠡ ᠶᠢᠨ ᠴᠢᠭᠢᠪᠴᠢ ᠪᠤᠶᠤ ᠦᠨᠡᠭᠡᠨ ᠮᠠᠯᠠᠭᠠᠢ ᠵᠠᠭᠦᠳᠡᠭ᠃ ᠭᠦᠯ ᠳᠤ ᠪᠠᠨ ᠬᠠᠷ᠎ᠠ᠂ ᠭᠦᠭᠡ ᠤᠳᠠᠰᠤ ᠪᠠᠷ ᠤᠷᠢᠶᠠᠭᠰᠠᠨ ᠪᠦᠰ ᠭᠤᠳᠤᠯ ᠡᠮᠦᠰᠳᠡᠭ᠃ ᠵᠢᠷᠠ ᠲᠠᠯᠠ ᠭᠠᠷᠤᠭᠰᠠᠨ ᠨᠠᠰᠤᠲᠢ ᠭᠦᠭᠰᠢᠳ ᠤᠭ ᠪᠤᠭᠤᠬᠤ ᠦᠭᠡᠢ ᠪᠠᠷ ᠭᠡᠵᠢᠭᠡ ᠪᠠᠨ ᠬᠤᠶᠠᠷ ᠲᠡᠰᠢ ᠪᠠᠨ ᠭᠦᠷᠦᠭᠦ ᠪᠤᠶᠤ ᠦᠰᠦ ᠪᠠᠨ ᠬᠤᠰᠤᠵᠤ ᠮᠤᠬᠤᠷ ᠲᠤᠯᠤᠭᠠᠢ ᠠᠪᠳᠠᠭ᠃ ᠡᠮᠡᠭᠲᠠᠶᠢᠴᠤᠳ ᠤᠨ ᠬᠤᠪᠴᠠᠰᠤ ᠵᠠᠰᠠᠯ ᠳᠤ ᠬᠡᠦᠬᠡᠨ ᠭᠦᠮᠦᠨ ᠤ ᠪᠠ ᠪᠡᠷᠢ ᠭᠦᠮᠦᠨ ᠤ ᠬᠢ ᠲᠤᠳᠤᠷᠬᠠᠢ ᠢᠯᠭᠠᠭ᠎ᠠ ᠲᠠᠢ᠃ ᠬᠡᠦᠬᠡᠨ ᠭᠦᠮᠦᠨ ᠲᠠᠪ ᠭᠡᠵᠢᠭᠡ ᠲᠠᠯᠪᠢᠨ᠂ ᠠᠷᠪᠠᠨ ᠬᠤᠶᠠᠷ ᠭᠦᠷᠪᠡᠯ ᠴᠢᠭᠢ ᠪᠠᠨ ᠴᠤᠭᠤᠯᠤᠭᠤᠯᠵᠤ᠂ ᠠᠷᠪᠠᠨ ᠭᠤᠷᠪᠠ ᠭᠦᠷᠪᠡᠯ ᠠᠷᠤᠨᠰᠢ ᠪᠠᠨ ᠭᠠᠭᠴᠠ ᠭᠦᠷᠦᠮᠡᠯ ᠲᠠᠯᠯᠠᠵᠤ ᠬᠠᠭᠠᠯᠤᠭᠰᠠᠨ ᠪᠢᠳᠡᠭᠦᠦ ᠭᠡᠵᠢᠭᠡ ᠲᠠᠯᠪᠢᠨ᠎ᠠ᠃ ᠵᠠᠷᠢᠮ ᠨᠢ ᠵᠤᠯᠠᠢ ᠲᠡᠭᠡᠭᠦᠷ ᠢᠶᠠᠨ ᠲᠠᠩ ᠱᠢᠷᠤᠨ ᠲᠠᠳᠠᠭᠤᠷ ᠲᠠᠳᠠᠵᠤ᠂ ᠵᠠᠷᠢᠮ ᠨᠢ ᠪᠤᠯᠭ᠎ᠠ ᠬᠠᠯᠢᠭᠤ ᠶᠢᠨ ᠦᠰᠦ ᠬᠠᠳᠠᠭᠰᠠᠨ ᠬᠤᠷᠭᠤᠢ ᠭᠦᠪᠦᠭᠡ ᠲᠠᠢ ᠢᠰᠡᠭᠡᠢ ᠲᠤᠭᠤᠷᠴᠤᠭ ᠵᠡᠭᠦᠳᠡᠭ᠃ ᠡᠩᠭᠡᠷ ᠤᠨ ᠲᠤᠪᠴᠢᠨ ᠠᠴᠠ ᠪᠠᠨ ᠪᠦᠭᠡᠷᠢᠨ ᠬᠠᠪᠳᠠᠭ᠎ᠠ ᠵᠡᠭᠦᠳᠡᠭ᠃ ᠬᠡᠦᠬᠡᠨ ᠭᠦᠮᠦᠨ ᠬᠠᠳᠬᠤᠮᠠᠯ ᠬᠤᠸᠠᠷ ᠲᠠᠢ ᠭᠤᠳᠤᠯ ᠱᠠᠬᠠᠢ ᠡᠮᠦᠰᠳᠡᠭ ᠪᠤᠯᠪᠠᠴᠤ ᠤᠷᠠᠨ ᠬᠠᠵᠢᠨ᠂ ᠠᠨᠠᠷ ᠵᠡᠷᠭᠡ ᠵᠢᠷᠤᠭ ᠢ ᠵᠢᠷᠤᠵᠤ ᠤᠶᠤᠳᠠᠭ ᠦᠭᠡᠢ᠃      ᠰᠢᠨ᠎ᠡ ᠭᠦᠷᠭᠡᠨ ᠲᠤᠷᠭᠠᠨ ᠭᠠᠳᠠᠷ ᠲᠠᠢ ᠬᠤᠷᠠᠭᠠᠨ ᠵᠤᠪᠴᠠᠭ᠎ᠠ ᠪᠤᠶᠤ ᠫᠦᠰᠡᠨ ᠬᠤᠸᠠᠷ ᠲᠠᠢ ᠭᠦᠭᠡ ᠲᠡᠷᠯᠢᠭ ᠡᠮᠦᠰᠴᠦ᠂ ᠤᠯᠠᠭᠠᠨ ᠲᠤᠷᠭᠠᠨ ᠪᠦᠰᠡ ᠶᠢ ᠨᠢᠷᠤᠭᠤᠨ ᠠᠷᠤ ᠳᠠᠭᠠᠨ ᠭᠤᠭᠴᠤᠭ᠎ᠠ ᠴᠠᠴᠤᠭ ᠭᠠᠷᠭᠠᠨ ᠱᠠᠪᠭᠢᠳᠠᠯ᠎ᠠ ᠪᠦᠰᠡᠯᠡᠨ᠂ ᠲᠡᠭᠦᠨ ᠤ ᠭᠠᠳᠠᠭᠤᠷ ᠫᠦᠰᠡᠨ ᠬᠤᠸᠠᠷ ᠲᠠᠢ ᠬᠠᠷ᠎ᠠ ᠲᠤᠷᠭᠠᠨ ᠭᠦᠷᠮ᠎ᠡ ᠪᠤᠶᠤ ᠦᠯᠵᠡᠢ ᠭᠡ ᠲᠠᠢ ᠬᠠᠷ᠎ᠠ ᠲᠤᠷᠭᠠᠨ ᠬᠠᠨᠵᠢᠶᠠᠷᠢ ᠶᠢ ᠰᠤᠭᠰᠤᠷᠤᠨ ᠡᠮᠦᠰᠳᠡᠭ᠃ ᠲᠤᠯᠤᠭᠠᠢ ᠳᠠᠭᠠᠨ ᠤᠯᠠᠭᠠᠨ ᠰᠠᠮᠫᠠᠨ ᠵᠠᠯᠠᠭ᠎ᠠ ᠲᠠᠢ ᠲᠦᠭᠦᠷᠢᠭ ᠮᠠᠯᠠᠭᠠᠢ ᠪᠤᠶᠤ ᠯᠢᠮᠤᠤ ᠮᠠᠯᠠᠭᠠᠢ᠂ ᠵᠠᠩᠵᠤᠨ ᠮᠠᠯᠠᠭᠠᠢ᠂ ᠦᠨᠡᠭᠡᠨ ᠮᠠᠯᠠᠭᠠᠢ ᠶᠢ ᠤᠯᠠᠷᠢᠯ ᠢ ᠦᠵᠡᠨ ᠰᠤᠩᠭᠤᠵᠤ ᠵᠠᠭᠦᠳᠡᠭ᠃ ᠭᠦᠷᠭᠡᠨ ᠭᠦᠮᠦᠨ ᠲᠤᠷᠭᠠᠨ ᠭᠠᠳᠠᠷ ᠲᠠᠢ ᠬᠤᠷᠠᠭᠠᠨ ᠠᠷᠠᠰᠤᠨ ᠦᠮᠦᠳᠦ᠂ ᠭᠦᠪᠦᠩ ᠦᠮᠦᠳᠦ᠂ ᠪᠦᠰ ᠦᠮᠦᠳᠦ ᠶᠢ ᠡᠮᠦᠰᠳᠡᠭ᠃ ᠭᠦᠯ ᠳᠤ ᠪᠠᠨ ᠨᠤᠭᠤᠭᠠᠨ ᠤᠳᠠᠰᠤᠨ ᠭᠡ ᠤᠭᠠᠯᠵᠠ ᠤᠨ ᠤᠷᠢᠶᠠᠮᠠᠯ ᠲᠠᠢ ᠬᠠᠷ᠎ᠠ ᠦᠭᠡᠳᠡᠩ ᠭᠤᠳᠤᠯ ᠢ ᠢᠰᠭᠦᠯᠦᠨ᠂ ᠭᠡᠳᠡ ᠭᠢᠳᠤᠭ᠎ᠠ᠂ ᠭᠦᠭᠦᠷ ᠤᠨ ᠲᠠᠶᠢᠯᠤᠤᠷ᠂ ᠰᠢᠭᠤᠳᠠᠢ ᠬᠠᠪᠳᠠᠭ᠎ᠠ᠂ ᠰᠤᠮᠤᠨ ᠠᠯᠴᠢᠭᠤᠷ ᠢ ᠵᠠᠩᠰᠢᠯ ᠶᠤᠰᠤᠭᠠᠷ ᠢᠶᠠᠨ ᠡᠪ ᠲᠦᠢᠳᠠᠢ ᠰᠠᠶᠢᠬᠠᠨ ᠵᠡᠭᠦᠵᠤ᠂ ᠰᠠᠭᠠᠳᠠᠭ ᠬᠤᠷᠤᠮᠰᠠᠭ᠎ᠠ ᠠᠭᠰᠠᠨ᠂ ᠰᠢᠨᠡᠭᠡᠨ ᠵᠠᠰᠠᠵᠤ ᠴᠢᠮᠡᠭᠰᠡᠨ ᠡᠮᠡᠭᠡᠯ ᠢ ᠲᠤᠬᠤᠭᠰᠠᠨ ᠠᠵᠢᠷᠭ᠎ᠠ ᠪᠤᠶᠤ ᠰᠠᠶᠢᠨ ᠭᠦᠶᠦᠮ᠎ᠡ ᠵᠢᠷᠤᠭ᠎ᠠ ᠮᠤᠷᠢ ᠤᠨᠤᠳᠠᠭ᠃ ᠰᠢᠨ᠎ᠡ ᠭᠦᠷᠭᠡᠨ ᠭᠦᠮᠦᠨ ᠤ ᠭᠤᠳᠤᠯ ᠤᠨ ᠭᠡ ᠤᠭᠠᠯᠵᠠ ᠳᠤ ᠦᠯᠵᠡᠢ ᠵᠠᠩᠭᠢᠶ᠎ᠠ᠂ ᠠᠮᠠᠷᠠᠭᠤᠯᠤᠭᠴᠢ᠂ ᠴᠢᠨᠳᠠᠮᠤᠨᠢ ᠡᠷᠳᠡᠨᠢ᠂ ᠬᠠᠰ ᠲᠠᠮᠠᠭ᠎ᠠ᠂ ᠵᠤᠭᠤᠰᠤᠨ ᠤᠭᠠᠯᠵᠠ᠂ ᠪᠠ ᠡᠭᠦᠯᠡᠨ ᠭᠡ ᠵᠡᠷᠭᠡ ᠶᠢ ᠤᠷᠤᠭᠤᠯᠤᠭᠰᠠᠨ ᠬᠤᠪᠴᠠᠰᠤᠨ ᠤ ᠵᠢᠷᠤᠭ ᠢ ᠰᠤᠩᠭᠤᠵᠤ ᠤᠷᠢᠶᠠᠮᠠᠯ ᠤᠶᠤᠳᠠᠭ᠃ ᠰᠢᠨ᠎ᠡ ᠪᠡᠷᠢ ᠪᠤᠯ ᠦᠰᠦ ᠪᠠᠨ ᠭᠤᠤᠯ ᠢᠶᠠᠷ ᠨᠢ ᠲᠡᠭᠰᠢ ᠬᠠᠭᠠᠯᠠᠵᠤ᠂ ᠤᠷᠤᠢ ᠲᠡᠭᠡᠷ᠎ᠡ ᠪᠠᠨ ᠬᠤᠶᠠᠷ ᠤᠭ ᠭᠠᠷᠭᠠᠨ ᠬᠤᠶᠠᠷ ᠱᠢᠷᠦᠨ ᠲᠦᠩᠰᠡᠨ ᠳᠤ ᠤᠭᠯᠠᠨ᠂ ᠲᠠᠪᠤᠨ ᠬᠠᠳᠬᠤᠭᠤᠷ ᠢᠶᠠᠷ ᠬᠠᠳᠬᠤᠨ᠂ ᠤᠭ ᠢᠶᠠᠨ ᠰᠤᠯᠢᠪᠴᠠᠭᠤᠯᠤᠨ ᠤᠷᠢᠶᠠᠵᠤ᠂ ᠱᠢᠷᠦ ᠤᠭ᠍ᠶᠤ ᠶᠢᠨ ᠲᠠᠳᠠᠭᠤᠷ ᠳᠠᠳᠠᠨ᠂ ᠤᠨᠵᠢᠯᠭ᠎ᠠ ᠬᠠᠳᠬᠤᠵᠤ᠂ ᠴᠢᠭᠢᠨ ᠠᠴᠠ ᠪᠠᠨ ᠵᠢᠷᠭᠤᠭᠠᠨ ᠮᠦᠩᠭᠦᠨ ᠰᠦᠢᠭᠡ ᠵᠡᠭᠦᠨ᠎ᠡ᠃ ᠰᠢᠨ᠎ᠡ ᠪᠡᠷᠢ ᠬᠠᠳᠬᠤᠮᠠᠯ ᠬᠤᠸᠠᠷ ᠲᠠᠢ ᠮᠠᠩᠨᠤᠭ ᠲᠡᠪᠡᠯ ᠪᠤᠶᠤ ᠬᠠᠳᠬᠤᠮᠠᠯ ᠬᠤᠸᠠᠷ ᠲᠠᠢ ᠲᠡᠷᠯᠢᠭ ᠡᠮᠦᠰᠴᠦ᠂ ᠭᠠᠳᠠᠭᠤᠷ ᠨᠢ ᠤᠰᠤᠨ ᠬᠤᠷᠮᠤᠢ ᠲᠠᠢ ᠬᠠᠳᠬᠤᠮᠠᠯ ᠬᠤᠸᠠᠷ ᠲᠠᠢ ᠦᠨᠳᠦᠷ ᠤᠤᠵᠢ ᠡᠮᠦᠰᠦᠨ᠎ᠡ᠃ ᠰᠢᠨ᠎ᠡ ᠪᠡᠷᠢ ᠤᠭ ᠤᠨ ᠢᠶᠠᠨ ᠲᠡᠭᠡᠭᠦᠷ ᠡᠪᠤᠯ ᠪᠤᠯ ᠦᠨᠡᠭᠡᠨ ᠠᠷᠠᠰᠤ ᠬᠠᠳᠠᠵᠤ᠂ ᠤᠯᠠᠭᠠᠨ᠂ ᠨᠤᠭᠤᠭᠠᠨ᠂ ᠬᠠᠷ᠎ᠠ ᠲᠤᠷᠭᠠᠨ ᠭᠠᠳᠠᠷ ᠲᠡᠭᠡᠷ᠎ᠡ ᠯᠢᠩᠬᠸ᠎ᠠ᠂ ᠭᠠᠷᠤᠳᠢ ᠵᠡᠷᠭᠡ ᠶᠢ ᠤᠷᠠᠯᠠᠨ ᠬᠠᠳᠬᠤᠮᠠᠯᠯᠠᠭᠰᠠᠨ ᠴᠢᠭᠢᠪᠴᠢ ᠵᠠᠭᠦᠨ᠎ᠡ᠃ ᠵᠤᠨ ᠪᠤᠯ ᠤᠯᠠᠭᠠᠨ ᠲᠤᠷᠭᠠᠨ ᠠᠯᠴᠢᠭᠤᠷ ᠵᠠᠭᠦᠨ᠎ᠡ᠃ ᠰᠢᠨ᠎ᠡ ᠪᠡᠷᠢ ᠲᠤᠷᠭᠠᠨ ᠭᠠᠳᠠᠷ ᠲᠠᠢ ᠭᠦᠪᠦᠩ ᠦᠮᠦᠳᠦ ᠪᠤᠶᠤ ᠪᠦᠰ ᠦᠮᠦᠳᠦ᠂ ᠨᠤᠤᠰᠤᠨ ᠦᠮᠦᠳᠦ ᠡᠮᠦᠰᠦᠨ᠎ᠡ᠃ ᠭᠦᠯ ᠳᠤ ᠪᠠᠨ ᠬᠠᠷ᠎ᠠ᠂ ᠨᠤᠭᠤᠭᠠᠨ ᠦᠩᠭᠡ ᠶᠢᠨ ᠦᠭᠡᠳᠡᠩ ᠪᠤᠶᠤ ᠲᠤᠷᠭᠠᠨ ᠲᠡᠭᠡᠷ᠎ᠡ ᠦᠩᠭᠡ ᠪᠦᠷᠢ ᠶᠢᠨ ᠲᠤᠷᠭᠠᠨ ᠤᠳᠠᠰᠤ ᠪᠠᠷ ᠤᠷᠠᠨ ᠬᠠᠵᠢᠨ᠂ ᠠᠨᠠᠷ᠂ ᠲᠤᠭᠤᠷ᠂ ᠨᠠᠪᠴᠢ ᠴᠡᠴᠡᠭ ᠬᠠᠳᠬᠤᠮᠠᠯᠯᠠᠭᠰᠠᠨ ᠭᠤᠳᠤᠯ ᠡᠮᠦᠰᠦᠨ᠎ᠡ᠃ ᠡᠭᠡᠨᠡᠷ ᠭᠦᠮᠦᠨ ᠡᠷᠭᠢᠭᠦᠯᠭᠡ ᠬᠠᠨᠴᠤᠢ ᠲᠠᠢ ᠮᠠᠩᠨᠤᠭ ᠲᠡᠪᠡᠯ ᠡᠮᠦᠰᠳᠡᠭ᠃ ᠭᠠᠷ ᠳᠠᠭᠠᠨ ᠬᠤᠷᠭᠤᠢ ᠪᠠᠷ ᠡᠮᠵᠢᠵᠤ᠂ ᠬᠠᠳᠬᠤᠮᠠᠯ ᠬᠤᠸᠠᠷ ᠲᠠᠢ ᠲᠤᠷᠭ᠎ᠠ ᠪᠠᠷ ᠭᠠᠳᠠᠷᠯᠠᠭᠰᠠᠨ ᠬᠤᠷᠠᠭᠠᠨ ᠠᠷᠠᠰᠤᠨ ᠰᠢᠭᠤᠶᠢᠪᠴᠢ ︵ᠬᠠᠨᠴᠦ᠋ᠢᠪᠴᠢ︶ ᠵᠡᠭᠦᠳᠡᠭ᠃ ᠬᠡᠦᠬᠡᠨ ᠭᠦᠮᠦᠨ᠂ ᠪᠡᠷᠢ ᠭᠦᠮᠦᠨ᠂ ᠡᠷᠡᠭᠲᠠᠢ ᠭᠦᠮᠦᠨ᠂ ᠬᠡᠦᠬᠡᠨ ᠭᠦᠮᠦᠨ ᠪᠦᠷ ᠰᠢᠭᠤᠶᠢᠪᠴᠢ ᠪᠤᠶᠤ ᠭᠠᠷ ᠤᠨ ᠪᠡᠭᠡᠯᠢ ᠵᠡᠭᠦᠳᠡᠭ᠃ ᠦᠯᠦᠭᠡᠢ ᠲᠠᠢ ᠬᠡᠦᠬᠡᠨ ᠲᠤ ᠡᠯᠢᠭᠡᠪᠴᠢ᠂ ᠪᠠᠷᠢᠨᠳᠠᠭ ᠡᠮᠦᠰᠭᠡᠳᠡᠭ ᠃ ᠡᠯᠢᠭᠡᠪᠴᠢ ᠲᠡᠭᠡᠷ᠎ᠡ ᠡᠯᠳᠡᠪ ᠵᠦᠢᠯ ᠤᠨ ᠬᠤᠸᠠᠷ ᠴᠡᠴᠡᠭ ᠢ ᠬᠠᠳᠬᠤᠮᠠᠯᠯᠠᠵᠤ ᠤᠶᠤᠳᠠᠭ᠃ ᠠᠯᠬᠤᠵᠤ ᠴᠢᠳᠠᠵᠤ ᠪᠠᠶᠢᠭ᠎ᠠ ᠬᠡᠦᠬᠡᠨ ᠲᠤ ᠲᠡᠷᠯᠢᠭ᠂ ᠴᠠᠮᠴᠠ᠂ ᠬᠠᠨᠳᠠᠭᠠᠰᠤ᠂ ᠫᠠᠩᠬᠤ ᠪᠠ ᠠᠯᠠ ᠲᠠᠢ ᠭᠦᠪᠦᠩ ᠪᠤᠶᠤ ᠪᠦᠰ ᠦᠮᠦᠳᠦ ᠡᠮᠦᠰᠭᠡᠳᠡᠭ᠃ ᠬᠡᠦᠬᠡᠨ ᠤᠨ ᠲᠡᠷᠯᠢᠭ ᠢ ᠬᠤᠷᠭᠤᠢ᠂ ᠲᠤᠤᠵᠠ ᠪᠠᠷ ᠡᠮᠵᠢᠶᠡᠷᠯᠡᠵᠤ ᠭᠦᠪᠦᠭᠡᠯᠡᠨ᠂ ᠶᠠᠩᠵᠤ ᠤᠷᠤᠭᠤᠯᠳᠠᠭ᠃ ᠬᠡᠦᠬᠡᠨ ᠲᠤ ᠪᠦᠰ ᠭᠤᠳᠤᠯ᠂ ᠪᠦᠰ ᠱᠠᠬᠠᠢ ᠡᠮᠦᠰᠭᠡᠵᠤ᠂ ᠭᠦᠦ ᠭᠦᠮᠦᠨ ᠤ ᠭᠤᠳᠤᠯ ᠱᠠᠬᠠᠢ ᠳᠤ ᠲᠤᠮᠤᠭ ᠤᠭᠠᠯᠵᠠ ᠭᠠᠷᠭᠠᠵᠤ ᠤᠶᠤᠬᠤ ᠪᠤᠶᠤ ᠲᠦᠭᠦᠮ ᠤᠭᠠᠯᠵᠠ ᠶᠢ ᠤᠷᠢᠶᠠᠵᠤ ᠤᠶᠤᠳᠠᠭ᠃ ᠬᠡᠦᠬᠡᠨ ᠭᠦᠮᠦᠨ ᠤ ᠭᠤᠳᠤᠯ ᠱᠠᠬᠠᠢ ᠳᠤ ᠭᠦᠢᠯᠡᠰᠦᠨ ᠬᠤᠸᠠᠷ᠂ ᠡᠷᠪᠡᠭᠡᠢ ᠵᠡᠷᠭᠡ ᠶᠢ ᠬᠠᠳᠬᠤᠮᠠᠯᠯᠠᠵᠤ ᠤᠶᠤᠳᠠᠭ᠃ ᠬᠡᠦᠬᠡᠨ ᠭᠦᠮᠦᠨ ᠳᠤ ᠲᠤᠷᠭᠠᠨ ᠪᠠᠩᠵᠢᠯ ᠡᠮᠦᠰᠭᠡᠳᠡᠭ᠃ ᠭᠦᠦ ᠭᠦᠮᠦᠨ ᠳᠤ ᠪᠠᠷᠰ ᠱᠠᠬᠠᠢ᠂ ᠮᠤᠤᠷ ᠱᠠᠭᠠᠢ ᠵᠡᠷᠭᠡ ᠶᠢ ᠡᠮᠦᠰᠭᠡᠳᠡᠭ᠃ ᠭᠦᠦ ᠭᠦᠮᠦᠨ ᠤ ᠲᠤᠯᠤᠭᠠᠢ ᠳᠤ ᠪᠠᠷᠰ ᠮᠠᠯᠠᠭᠠᠢ᠂ ᠮᠤᠤᠷ ᠮᠠᠯᠠᠭᠠᠢ᠂ ᠮᠠᠬᠤᠵᠠ ᠮᠠᠯᠠᠭᠠᠢ ᠵᠡᠷᠭᠡ ᠶᠢ ᠵᠡᠭᠦᠯᠭᠡᠳᠡᠭ᠃ ᠬᠡᠦᠬᠡᠨ ᠭᠦᠮᠦᠨ ᠤ ᠲᠤᠯᠤᠭᠠᠢ ᠲᠡᠭᠡᠷ᠎ᠡ ᠲᠤᠷᠭ᠎ᠠ ᠲᠤᠷᠳᠤᠩ ᠠᠯᠴᠢᠭᠤᠷ ᠲᠠᠯᠪᠢᠵᠤ ᠦᠭᠭᠦ ᠪᠤᠶᠤ ᠰᠠᠷᠠᠪᠴᠠᠳᠤ ᠲᠦᠭᠦᠷᠢᠭ ᠪᠦᠰ ᠮᠠᠯᠠᠭᠠᠢ ᠵᠡᠭᠦᠯᠭᠡᠳᠡᠭ᠃ ᠬᠡᠦᠬᠡᠨ ᠤᠨ ᠭᠠᠷ ᠲᠤ ᠦᠩᠭᠡᠳᠦ ᠭᠠᠳᠠᠷ ᠲᠠᠢ ᠬᠤᠷᠠᠭᠠᠨ ᠰᠢᠭᠤᠶᠢᠪᠴᠢ ᠪᠤᠶᠤ ᠪᠦᠰ ᠭᠦᠪᠦᠩ ᠪᠡᠭᠡᠯᠢ ᠵᠡᠭᠦᠯᠭᠡᠳᠡᠭ᠃
 
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号