ᠨᠠᠰᠤ ᠵᠢᠯ ᠤᠨ ᠲᠣᠬᠠᠢ ᠮᠣᠩᠭᠤᠯ ᠨᠡᠷᠡᠶᠢᠳᠦᠯ
ᠨᠡᠶᠢᠲᠡᠯᠡᠭᠰᠡᠨ ᠴᠠᠭ᠄
2017/4/10
    ᠮᠣᠩᠭᠤᠯᠴᠤᠳ ᠲᠦᠷᠦᠬᠦ ᠠᠴᠠ ᠨᠠᠰᠤ ᠪᠠᠷᠠᠬᠤ ᠬᠦᠷᠲᠡᠯᠡᠬᠢ ᠶᠢ 25 ᠦᠶ᠎ᠡ ᠵᠠᠭᠠᠭᠯᠠᠨ ᠨᠡᠷᠡᠯᠡᠭᠰᠡᠨ ᠪᠠᠶᠢᠵᠠᠢ᠃ ᠡᠭᠦᠨ ᠳᠤ ᠲᠦᠷᠦᠬᠦ ᠠᠴᠠ ᠡᠷ᠎ᠡ ᠶᠢᠨ ᠴᠡᠭᠡᠯ ᠳᠤ ᠬᠦᠷᠬᠦ ᠨᠠᠰᠤ ᠶᠢ 14 ᠦᠶ᠎ᠡ ᠪᠣᠯᠭᠠᠨ ᠨᠡᠷᠡᠯᠡᠵᠡᠢ᠃    1.ᠦᠷ᠎ᠡ ᠪᠣᠶᠠᠨ ᠤ ᠨᠠᠰᠤ — ᠡᠬᠡ ᠶᠢᠨ ᠠᠷᠢᠭᠤᠨ ᠬᠡᠪᠡᠯᠢ ᠳᠤ ᠪᠦᠷᠢᠯᠳᠦᠬᠦ ᠦᠶ᠎ᠡ ᠶᠢ ᠬᠡᠯᠡᠨ᠎ᠡ᠃    2.ᠤᠭᠤᠳᠤᠨ᠎ᠠ ᠰᠡᠭᠦᠯᠯᠡᠬᠦ ᠨᠠᠰᠤ — ᠬᠦᠮᠦᠨ ᠳᠦᠷᠰᠤ ᠣᠯᠬᠤ ᠦᠶ᠎ᠡ ᠶᠢ ᠬᠡᠯᠡᠨ᠎ᠡ᠃    3.ᠮᠢᠨᠵᠢ ᠪᠣᠯᠠᠭᠠᠨ ᠨᠠᠰᠤ — ᠡᠬᠡ ᠶᠢᠨ ᠤᠰᠤᠨ ᠬᠡᠪᠡᠯᠢ ᠳᠤ ᠮᠢᠨᠵᠢ ᠰᠢᠭ ᠰᠡᠯᠢᠨ ᠦᠰᠬᠦ ᠦᠶ᠎ᠡ ᠶᠢ ᠬᠡᠯᠡᠨ᠎ᠡ᠃    4.ᠡᠬᠡ ᠶᠢᠨ ᠨᠠᠰᠤ — ᠡᠬᠡ ᠶᠢᠨ ᠠᠷᠢᠭᠤᠨ ᠬᠡᠪᠡᠯᠢ ᠳᠤ ᠪᠦᠷᠢᠯᠳᠦᠬᠦ ᠠᠴᠠ ᠲᠦᠷᠦᠬᠦ ᠬᠦᠷᠲᠡᠯᠡᠬᠢ ᠦᠶ᠎ᠡ ᠶᠢ ᠬᠡᠯᠡᠨ᠎ᠡ᠃    5.ᠮᠡᠨᠳᠦᠯᠡᠬᠦ ᠨᠠᠰᠤ ︵ᠤᠳᠤᠮ ᠤᠨ ᠤᠯᠠᠭᠠᠴᠢ︶ — ᠠᠯᠲᠠᠨ ᠳᠡᠯᠡᠬᠡᠢ ᠳᠤ ᠠᠩᠬᠠᠨ ᠤ ᠳᠠᠭᠤ ᠪᠠᠨ ᠡᠷᠭᠦᠬᠦ ᠶᠢ ᠬᠡᠯᠡᠨ᠎ᠡ᠃    6.ᠦᠯᠦᠭᠡᠢ ᠲᠠᠢ ᠨᠠᠰᠤ ︵ᠨᠢᠷᠠᠢ ᠨᠠᠰᠤ︶ — ᠦᠯᠦᠭᠡᠢ ᠳᠣᠲᠤᠷ᠎ᠠ ᠪᠠᠨ ᠮᠠᠷᠢᠶᠠᠯᠠᠬᠤ ᠦᠶ᠎ᠡ ᠶᠢ ᠬᠡᠯᠡᠨ᠎ᠡ᠃    7.ᠤᠬᠢᠯᠠᠮᠠᠬᠠᠢ ᠨᠠᠰᠤ — ᠬᠡᠥᠬᠡᠳ ᠪᠠᠭ᠎ᠠ ᠳᠤ ᠪᠠᠨ ᠶᠡᠭᠡ ᠤᠬᠢᠯᠠᠳᠠᠭ᠂  ︽ ᠤᠬᠢᠯᠠᠭᠰᠠᠭᠠᠷ ᠤᠬᠢᠯᠠᠭᠰᠠᠭᠠᠷ ᠬᠦᠮᠦᠨ ᠪᠣᠯᠤᠨ᠎ᠠ᠂ ᠮᠠᠶᠢᠯᠠᠭᠰᠠᠭᠠᠷ ᠮᠠᠶᠢᠯᠠᠭᠰᠠᠭᠠᠷ ᠮᠠᠯ ᠪᠣᠯᠤᠨ᠎ᠠ︾ ᠭᠡᠳᠡᠭ᠃ ᠡᠨᠡ ᠦᠶ᠎ᠡ ᠶᠢ ᠬᠡᠯᠡᠨ᠎ᠡ᠃    8.ᠮᠦᠯᠬᠦᠭᠡ ᠨᠠᠰᠤ — ᠠᠪᠤ ᠶᠢᠨ ᠢᠶᠠᠨ ᠭᠡᠷ ᠤᠨ ᠬᠤᠶᠢᠮᠤᠷ ᠲᠤ ᠡᠪᠦᠳᠦᠭ ᠲᠣᠬᠤᠢ ᠪᠠᠷ ᠢᠶᠠᠨ ᠮᠦᠯᠬᠦᠬᠦ ᠦᠶ᠎ᠡ ᠶᠢ ᠬᠡᠯᠡᠨ᠎ᠡ᠃    9.ᠬᠦᠯ ᠳᠤ ᠣᠷᠤᠬᠤ ᠨᠠᠰᠤ — ᠲᠡᠭᠰᠢ ᠭᠠᠵᠠᠷ ᠲᠤ ᠲᠡᠩᠴᠡᠨ ᠲᠡᠨᠳᠡᠷ ᠲᠣᠨᠳᠤᠷ ᠠᠯᠬᠤᠬᠤ ᠦᠶ᠎ᠡ ᠶᠢ ᠬᠡᠯᠡᠨ᠎ᠡ᠃    10.ᠤᠶᠠᠯᠭ᠎ᠠ ᠪᠠᠲᠤ ᠨᠠᠰᠤ — ᠬᠦᠯ ᠳᠤ ᠣᠷᠤᠭᠰᠠᠨ ᠬᠡᠥᠬᠡᠳ ᠢ ᠬᠦᠮᠦᠨ ᠤ ᠡᠵᠡᠭᠦᠢ ᠳᠤ ᠠᠶᠤᠯ ᠳᠤ ᠦᠷᠲᠦᠬᠦ ᠠᠴᠠ ᠰᠡᠷᠭᠡᠶᠢᠯᠡᠵᠦ᠂ ᠪᠠᠷᠠᠭᠤᠨ ᠬᠤᠶᠢᠳᠤ ᠬᠠᠨᠠᠨ ᠠᠴᠠ ᠡᠷ᠎ᠡ ᠰᠦᠷ ᠢᠶᠠᠷ ᠪᠠᠲᠤ ᠤᠶᠠᠵᠤ ᠰᠤᠷᠭᠠᠳᠠᠭ ᠨᠠᠰᠤ ᠶᠢ ᠬᠡᠯᠡᠨ᠎ᠡ᠃  ︽ᠤᠶᠠᠭᠰᠠᠨ ᠬᠡᠥᠬᠡᠳ ᠤᠷᠲᠤ ᠨᠠᠰᠤᠯᠠᠳᠠᠭ︾ ᠭᠡᠵᠤ ᠶᠠᠷᠢᠳᠠᠭ᠃    11.ᠬᠤᠷᠠᠭᠠᠴᠢᠨ ᠨᠠᠰᠤ — ᠬᠤᠷᠠᠭ᠎ᠠ ᠲᠠᠢ ᠲᠣᠭᠯᠠᠬᠤ᠂ ᠬᠤᠷᠠᠭ᠎ᠠ ᠢᠰᠢᠭᠡ ᠲᠠᠯᠪᠢᠬᠤ᠂ ᠭᠡᠷ ᠤᠨ ᠣᠶᠢᠷ᠎ᠠ ᠵᠠᠭᠤᠷ᠎ᠠ ᠬᠤᠷᠠᠭ᠎ᠠ ᠳᠠᠭᠤᠨ ᠠᠪᠴᠢᠷᠠᠬᠤ ᠵᠡᠷᠭᠡ ᠪᠠᠷ ᠠᠪᠤ ᠡᠵᠢ ᠳᠤ ᠪᠠᠨ ᠲᠤᠰᠠ ᠪᠣᠯᠬᠤ ᠨᠠᠰᠤ ᠶᠢ ᠬᠡᠯᠡᠨ᠎ᠡ᠃ ᠮᠣᠩᠭᠤᠯᠴᠤᠳ 4-5 ᠨᠠᠰᠤᠨ ᠤ ᠵᠢᠭᠠᠯ ᠢ ︽ᠲᠠᠨ ᠤ ᠬᠢ ᠭᠠᠶᠢᠭᠤᠢ ᠰᠠᠶᠢᠨ ᠬᠤᠷᠠᠭᠠᠴᠢᠨ ᠲᠠᠢ ᠪᠣᠯᠵᠠᠢ︾ ᠭᠡᠵᠦ ᠬᠡᠯᠡᠨ᠎ᠡ᠃    12.ᠲᠤᠭᠤᠯᠴᠢᠨ ᠨᠠᠰᠤ — ᠵᠠᠯ᠎ᠠ ᠠᠴᠠ ᠲᠤᠭᠤᠯ ᠠᠪᠴᠢᠷᠠᠬᠤ᠂ ᠣᠶᠢᠷ᠎ᠠ ᠵᠠᠭᠤᠷ᠎ᠠ ᠲᠤᠭᠤᠯ ᠡᠷᠬᠢᠭᠦᠯᠬᠦ ᠦᠶ᠎ᠡ ᠶᠢ ᠬᠡᠯᠡᠨ᠎ᠡ᠃ ᠡᠨᠡ ᠨᠢ 5-6 ᠨᠠᠰᠤ ᠪᠣᠯᠤᠨ᠎ᠠ᠃    13.ᠪᠣᠳᠤᠭᠤᠴᠢᠨ ᠨᠠᠰᠤ — ᠪᠣᠲᠤᠭᠤ ᠭᠡᠷ ᠠᠴᠠ ᠳᠥᠷᠪᠡ ᠲᠠᠪᠤᠨ ᠭᠠᠵᠠᠷ ᠤᠨ ᠵᠠᠶᠢᠲᠠᠢ ᠶᠠᠪᠤᠳᠠᠭ᠃ ᠪᠣᠲᠤᠭᠤ ᠡᠷᠭᠢᠭᠦᠯᠬᠦ᠂ ᠢᠩᠭᠡ ᠣᠶᠢᠷᠠᠲᠤᠭᠤᠯᠬᠤ ᠨᠠᠰᠤᠨ ᠳᠤ ᠬᠦᠷᠦᠭᠰᠡᠨ ᠬᠡᠥᠬᠡᠳ ᠢ ᠬᠡᠯᠡᠨ᠎ᠡ᠃ ᠡᠨᠡ ᠨᠢ 6-8 ᠨᠠᠰᠤ ᠪᠣᠯᠤᠨ᠎ᠠ᠃    14.ᠬᠤᠨᠢᠴᠢᠨ ᠨᠠᠰᠤ — ᠵᠢᠯ ᠤᠨ ᠠᠯᠢ ᠴᠤ ᠤᠯᠠᠷᠢᠯ ᠳᠤ ᠰᠦᠷᠦᠭ ᠬᠠᠷᠢᠭᠤᠯᠬᠤ᠂ ᠲᠦᠯ ᠠᠪᠬᠤ ᠠᠵᠢᠯ  ᠳᠤ ᠣᠷᠤᠬᠤ ᠦᠶ᠎ᠡ ᠶᠢ ᠬᠡᠯᠡᠨ᠎ᠡ᠃    15.ᠦᠭᠡᠯᠡᠢ ᠨᠠᠰᠤ — ᠬᠡᠥᠭᠡᠳ  ᠨᠠᠰᠤᠨ ᠤ ᠳᠠᠪᠠᠭᠠᠨ ᠳᠡᠭᠡᠷ᠎ᠡ ᠭᠠᠷᠴᠤ᠂ ᠬᠦᠮᠦᠨ ᠶᠣᠰᠤᠨ ᠤ ᠣᠪᠤᠭ᠎ᠠ ᠲᠣᠭᠤᠷᠢᠬᠤ ᠶᠢ ᠬᠡᠯᠡᠨ᠎ᠡ᠃ 12-16 ᠨᠠᠰᠤ ᠪᠣᠯᠤᠨ᠎ᠠ᠃    16.ᠠᠳᠤᠭᠤᠴᠢᠨ ᠨᠠᠰᠤ — ᠦᠷᠯᠦᠭᠡ ᠨᠠᠷᠠ ᠠᠴᠠ ᠦᠷᠢᠰᠦᠨ ᠠᠳᠤᠭᠤ ᠬᠤᠷᠢᠶᠠᠬᠤ᠂ ᠡᠪᠤᠯ ᠤᠨ ᠰᠦᠨᠢ ᠠᠳᠤᠭᠤ ᠮᠠᠨᠠᠬᠤ ᠦᠶ᠎ᠡ ᠶᠢ ᠬᠡᠯᠡᠨ᠎ᠡ᠃ ᠡᠨᠡ ᠨᠢ ᠳᠤᠮᠳᠠᠴᠢ ᠪᠠᠷ 17 ᠨᠠᠰᠤᠨ ᠠᠴᠠ ᠬᠤᠶᠢᠰᠢᠬᠢ ᠶᠢ ᠬᠡᠯᠡᠨ᠎ᠡ᠃    17.ᠡᠷᠢᠯᠴᠢᠨ ᠨᠠᠰᠤ — ᠰᠣᠮᠣ ᠰᠤᠩᠭᠠᠵᠤ ᠠᠶᠢᠮᠠᠭ ᠠᠯᠤᠰᠯᠠᠵᠤ ᠠᠯᠳᠠᠭᠤᠯ ᠮᠠᠯ ᠬᠠᠶᠢᠬᠤ ᠦᠶ᠎ᠡ ᠶᠢ ᠬᠡᠯᠡᠨ᠎ᠡ᠃ ᠡᠷᠢᠯᠴᠢᠨ ᠨᠠᠰᠤ ᠪᠠᠷ ᠨᠢ ᠬᠡᠥᠭᠡᠳ ᠢ ᠮᠠᠯ ᠣᠯᠬᠤ᠂ ᠡᠷᠳᠡᠮ ᠣᠯᠬᠤ ᠶᠢᠨ ᠠᠯᠢ ᠨᠢ ᠪᠣᠯᠬᠤ ᠶᠢ ᠰᠢᠨᠵᠢᠳᠡᠭ ᠡᠷᠲᠡᠨ ᠤ ᠶᠣᠰᠤ ᠪᠠᠶᠢᠳᠠᠭ᠃    18.ᠤᠷᠢ ᠵᠠᠯᠠᠭᠤ ᠨᠠᠰᠤ — ᠪᠡᠶ᠎ᠡ᠂ ᠤᠶᠤᠨ᠂ ᠦᠩᠭᠡ ᠵᠢᠰᠦ᠂ ᠴᠤᠭ ᠵᠢᠪᠬᠤᠭ᠎ᠠ᠂ ᠡᠷᠴᠢᠮ ᠠᠪᠬᠠᠯᠵᠢ᠂ ᠬᠤᠷᠲᠤ ᠬᠦᠴᠤ ᠵᠠᠭᠰᠠᠬᠤ ᠰᠠᠶᠢᠬᠠᠨ ᠦᠶ᠎ᠡ ᠶᠢ ᠬᠡᠯᠡᠨ᠎ᠡ᠃ ᠡᠨᠡ ᠨᠢ 25-35 ᠨᠠᠰᠤ ᠶᠢ ᠬᠡᠯᠡᠨ᠎ᠡ᠃    19.ᠢᠳᠡᠷ ᠨᠠᠰᠤ — ᠵᠠᠯᠠᠭᠤ ᠨᠠᠰᠤᠨ ᠤ ᠣᠷᠭᠢᠯ ᠦᠶ᠎ᠡ᠃ 35-45 ᠨᠠᠰᠤ  ᠪᠣᠯᠤᠨ᠎ᠠ᠃    20.ᠬᠢᠵᠢᠶᠡᠯᠢ ᠨᠠᠰᠤ — ᠤᠯᠠᠷᠢᠯ ᠢᠶᠠᠷ ᠪᠣᠯ ᠨᠠᠮᠤᠷ᠂ ᠨᠠᠰᠤᠨ ᠤ ᠬᠢ ᠪᠠᠷ ᠪᠣᠯ ᠦᠳᠡ ᠳᠤᠮᠳᠠ ᠠᠴᠠ ᠬᠠᠵᠠᠶᠢᠭᠰᠠᠨ ᠦᠶ᠎ᠡ ᠶᠢ ᠬᠡᠯᠡᠨ᠎ᠡ᠃ ᠲᠠᠪᠢ ᠣᠷᠴᠢᠮ ᠨᠠᠰᠤ ᠶᠢ ᠬᠡᠯᠡᠨ᠎ᠡ᠃    21.ᠦᠨᠳᠦᠷ ᠨᠠᠰᠤ — ᠠᠷᠢᠭ ᠪᠣᠶᠠᠨ ᠢᠶᠠᠨ ᠡᠳ᠋ᠯᠡᠵᠦ᠂ ᠠᠴᠢ ᠭᠤᠴᠢ ᠳᠤ ᠪᠠᠨ ᠬᠦᠨᠳᠦᠯᠡᠭᠳᠡᠬᠦ ᠨᠠᠰᠤ ᠶᠢ ᠬᠡᠯᠡᠨ᠎ᠡ᠃ ᠡᠨᠡ ᠨᠢ 60 ᠠᠴᠠ ᠳᠡᠭᠡᠭᠰᠢᠬᠢ ᠨᠠᠰᠤ ᠪᠣᠯᠤᠨ᠎ᠠ᠃    22.ᠶᠡᠭᠡ ᠨᠠᠰᠤ —80 ᠠᠴᠠ ᠳᠡᠭᠡᠭᠰᠢ ᠨᠠᠭᠠᠳᠤᠮ ᠦᠵᠡᠵᠤ᠂ ᠶᠠᠪᠤᠭ᠎ᠠ ᠪᠣᠶᠠᠨ ᠲᠠᠢ ᠪᠣᠭᠤᠷᠤᠯ ᠢ ᠶᠡᠭᠡ ᠨᠠᠰᠤᠲᠠᠨ ᠭᠡᠨ᠎ᠡ᠃    23.ᠲᠣᠷᠬᠠᠷᠤ ᠨᠠᠰᠤ — ᠡᠳᠦᠷ ᠠᠴᠠ ᠡᠳᠦᠷ  ᠴᠠᠷᠢᠭ ᠮᠠᠭᠤᠲᠠᠵᠤ ᠪᠠᠶᠢᠭ᠎ᠠ ᠦᠶ᠎ᠡ ᠶᠢ ᠬᠡᠯᠡᠨ᠎ᠡ᠃    24.ᠮᠣᠶᠢᠬᠤ ᠨᠠᠰᠤ —  ᠶᠢᠷᠡ᠂ ᠵᠠᠭᠤ ᠠᠴᠠ ᠳᠡᠭᠡᠭᠰᠢ ᠨᠠᠰᠤᠯᠠᠵᠤ᠂ ᠣᠢ ᠲᠣᠢ ᠨᠢ ᠰᠤᠯᠠᠷᠠᠨ ᠬᠦᠯ ᠳᠤ ᠣᠷᠤᠵᠤ ᠪᠣᠢ ᠬᠡᠥᠬᠡᠳ᠂ ᠬᠡᠯᠡ ᠳᠤ ᠣᠷᠤᠵᠤ ᠪᠣᠢ ᠵᠢᠭᠠᠯ ᠰᠢᠭ᠋ ᠪᠣᠯᠵᠤ᠂ ᠦᠯᠦᠭᠡᠶᠢᠲᠡᠭᠦᠯᠬᠦ ᠠᠴᠠ ᠨᠠᠭᠠᠭᠤᠷ ᠠᠰᠠᠷᠠᠭᠤᠯᠬᠤ ᠦᠶ᠎ᠡ ᠶᠢ ᠬᠡᠯᠡᠨ᠎ᠡ᠃    25.ᠨᠡᠷᠡᠲᠦ ᠠᠴᠠ ᠪᠣᠴᠠᠬᠤ ᠨᠠᠰᠤ — ᠶᠢᠷᠳᠢᠨᠴᠤ ᠶᠢᠨ ᠮᠦᠩᠬᠡ ᠵᠢᠮ᠎ᠡ ᠠᠴᠠ ᠬᠡᠨ ᠴᠤ ᠪᠣᠯᠳᠠᠵᠤ ᠦᠯᠦ ᠴᠢᠳᠠᠮᠤᠢ᠃ ᠡᠶᠢᠨ ᠬᠦ ᠦᠲᠡᠯᠡᠭᠡᠳ ᠪᠠᠭᠤᠳᠠᠭ ᠬᠤᠷᠸ᠎ᠠ ᠠᠴᠠ ᠪᠠᠨ ᠡᠭᠡᠬᠦ ᠶᠢ ᠬᠡᠯᠡᠨ᠎ᠡ᠃
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号