ᠣᠩᠨᠢᠭᠤᠳ ᠢ ᠣᠶᠢᠯᠠᠭᠠᠬᠤᠢ
ᠨᠡᠶᠢᠲᠡᠯᠡᠭᠰᠡᠨ ᠴᠠᠭ᠄
2016/4/8
      ︽ᠣᠩᠨᠢᠭᠤᠳ︾ ᠬᠡᠳᠡᠭ ᠪᠣᠯ ᠮᠣᠩᠭᠤᠯ ᠦᠨᠳᠦᠰᠦᠳᠡᠨ ᠤ ᠨᠢᠬᠡᠨ ᠠᠶᠢᠮᠠᠭ ᠤᠨ ᠨᠡᠷ᠎ᠡ ᠪᠠᠶᠢᠵᠣ᠂ ᠣᠩᠭᠤᠨ  ᠭᠡᠳᠡᠭ ᠦᠬᠡᠰ ᠤᠨ ᠢᠵᠠᠭᠤᠷ ᠠᠴᠠ ᠡᠬᠦᠰᠦᠯᠳᠡᠢ᠃ ︽ᠮᠣᠩᠭᠤᠯ ᠤᠨ ᠨᠡᠬᠦᠳᠡᠯ ᠮᠠᠯᠵᠢᠯ ᠤᠨ ᠲᠡᠮᠳᠡᠭᠯᠡᠯ ︾ ᠬᠢᠬᠡᠳ ︽ ᠵᠡᠬᠦᠨ ᠬᠤᠶᠢᠳᠣ ᠶᠢᠨ ᠡᠷᠳᠡᠨ ᠤ ᠲᠦᠷᠦᠳ ᠤᠨ ᠵᠠᠭᠠᠭ ᠬᠢᠵᠠᠭᠠᠷ ᠤᠨ ᠲᠡᠦᠬᠡ︾ ᠳᠠᠬᠢ ᠲᠡᠮᠳᠡᠭᠯᠡᠯ  ᠢ ᠦᠨᠳᠦᠰᠦᠯᠡᠪᠡᠯ᠄  ᠣᠩᠨᠢᠭᠤᠳ ᠠᠶᠢᠮᠠᠭ ᠪᠣᠯ ᠶᠣᠸᠠᠨ ᠣᠯᠣᠰ ᠤᠨ ᠲᠠᠶᠢᠽᠤ ᠬᠠᠭᠠᠨ ᠤ ᠲᠡᠬᠦᠦ ᠣᠳᠴᠢᠬᠢᠨ ᠨᠣᠶᠡᠨ ᠤ ᠠᠷᠪᠠᠨ ᠨᠢᠬᠡᠳᠦᠭᠡᠷ  ᠠᠴᠢ ᠮᠦᠩᠬᠡ ᠴᠠᠭᠠᠨ ᠨᠣᠶᠠᠨ ᠤ ᠣᠣᠭᠠᠨ ᠬᠦᠦ ᠪᠠᠶᠠᠨᠳᠠᠢ ᠬᠤᠩᠭᠤᠷ ᠨᠣᠶᠠᠨ ᠤ ᠠᠶᠢᠮᠠᠭ ᠤᠨ ᠨᠡᠷ᠎ᠡ ᠮᠦᠨ ᠪᠦᠬᠡᠳ  ᠠᠷᠣ ᠭᠤᠪᠢ ᠶᠢᠨ ᠣᠯᠠᠨ ᠮᠣᠩᠭᠤᠯ ᠠᠶᠢᠮᠠᠭ ᠤᠨ ᠪᠦᠯᠦᠭ ᠤᠨ ᠨᠢᠬᠡ ᠨᠢ ᠪᠣᠯᠣᠨ᠎ᠠ᠃ ᠬᠠᠯᠬ᠎ᠠ ᠶᠢᠨ ᠰᠠᠴᠡᠨ ᠬᠠᠭᠠᠨ᠂  ᠲᠦᠰᠢᠶᠡᠳᠦ ᠬᠠᠭᠠᠨ ᠬᠢᠬᠡᠳ ᠵᠠᠰᠠᠬᠳᠣ ᠬᠠᠭᠠᠨ ᠤ ᠭᠤᠷᠪᠠᠨ ᠶᠡᠭᠡ ᠠᠶᠢᠮᠠᠭ ᠪᠦᠯᠦᠭ ᠢ ᠨᠡᠶᠢᠯᠡᠬᠦᠯᠦᠬᠡᠳ ᠠᠷᠣ ᠮᠣᠩᠭᠤᠯ  ᠭᠡᠳᠡᠭ ᠶᠣᠮ᠃ ᠡᠳᠡᠭᠡᠷ ᠠᠶᠢᠮᠠᠭ ᠤᠳ ᠨᠢ ᠬᠠᠩᠭᠠᠢ ᠠᠭᠤᠯᠠ ᠠᠴᠠ ᠣᠮᠠᠷᠠᠰᠢ ᠡᠷᠬᠦᠨ᠎ᠠ ᠭᠤᠣᠯ᠂ ᠰᠡᠯᠡᠩᠬᠡ ᠮᠦᠷᠡᠨ ᠤ  ᠪᠠᠷᠠᠭᠤᠨ ᠳᠠᠬᠢ ᠦᠷᠬᠡᠨ ᠠᠭᠤᠳᠠᠮ ᠭᠤᠪᠢ ᠨᠣᠳᠤᠭ ᠢᠶᠠᠷ ᠨᠡᠬᠦᠳᠡᠯᠯᠡᠨ ᠮᠠᠯᠵᠢᠵᠣ ᠪᠠᠶᠢᠭᠰᠠᠨ ᠠᠴᠠ ᠪᠠᠨ ᠴᠢᠩ ᠣᠯᠣᠰ   ᠤᠨ ᠲᠡᠭᠷᠢ ᠶᠢᠨ ᠰᠠᠴᠡᠨ ᠤ ᠵᠢᠷᠭᠤᠳᠣᠭᠠᠷ ᠵᠢᠯ ︵1632 ᠣᠨ︶ ᠳᠤ ᠬᠤᠶᠢᠳᠣ ᠠᠯᠳᠠᠨ ᠣᠯᠣᠰ ᠲᠠᠢ ᠨᠡᠶᠢᠯᠡᠵᠦ᠂  ᠲᠣᠰ ᠭᠠᠵᠠᠷ ᠲᠤ ᠢᠷᠡᠭᠡᠳ ᠴᠠᠬᠠᠷ ᠠᠶᠢᠮᠠᠭ ᠲᠤ ᠬᠠᠷᠢᠶᠠᠯᠠᠭᠳᠠᠭᠰᠠᠨ ᠪᠠᠶᠢᠨ᠎ᠠ᠃             ᠣᠩᠨᠢᠭᠤᠳ ᠬᠤᠰᠢᠭᠤᠨ ᠳᠤ ᠬᠠᠭᠤᠴᠢᠨ ᠴᠢᠯᠠᠭᠤᠨ ᠪᠠᠭᠠᠵᠢ ᠶᠢᠨ ᠦᠶ᠎ᠡ ᠳᠠᠬᠢ ᠪᠠᠯᠠᠷ ᠡᠷᠳᠡᠨ ᠤ ᠬᠦᠮᠦᠰ  ᠤᠨ  ᠰᠦᠷᠦᠭᠯᠡᠨ ᠰᠠᠭᠤᠵᠣ ᠪᠠᠶᠢᠭᠰᠠᠨ ᠠᠭᠤᠢ ᠪᠠᠶᠢᠳᠠᠭ᠃ ᠬᠠᠨ ᠣᠯᠣᠰ ᠤᠨ ᠡᠬᠢᠨ ᠠᠴᠠ ᠰᠦᠢ ᠣᠯᠣᠰ ᠬᠦᠷᠳᠡᠯ᠎ᠡ  ᠣᠷᠢᠳ ᠬᠤᠵᠢᠳ ᠳ᠋ᠦᠩᠬᠤ᠂ ᠡᠾᠦ᠋ᠩᠨᠤ᠂ ᠦᠬᠤᠸᠠᠨ᠂ ᠰᠢᠪᠡᠭᠡ᠂ ᠺᠦᠮᠣᠰᠢ᠂ ᠬᠢᠳᠡᠨ ᠵᠡᠷᠬᠡ ᠣᠮᠠᠷᠠᠳᠣ ᠶᠢᠨ  ᠨᠡᠬᠦᠳᠡᠯᠯᠡᠨ ᠮᠠᠯᠵᠢᠳᠠᠭ ᠦᠨᠳᠦᠰᠦᠳᠡᠨ ᠠᠶᠢᠮᠠᠭ ᠰᠠᠭᠤᠷᠢᠰᠢᠵᠣ ᠪᠠᠶᠢᠭᠰᠠᠨ ᠪᠠᠶᠢᠵᠠᠢ᠃ ᠴᠢᠩ ᠣᠯᠣᠰ ᠠᠴᠠ ᠶᠠᠷᠢᠪᠠᠯ᠂  ᠬᠠᠯᠬ᠎ᠠ ᠶᠢᠨ ᠰᠠᠴᠡᠨ ᠬᠠᠭᠠᠨ᠂ ᠲᠦᠰᠢᠶᠡᠳᠦ ᠬᠠᠭᠠᠨ ᠬᠢᠬᠡᠳ ᠵᠠᠰᠠᠬᠳᠣ ᠬᠠᠭᠠᠨ ᠤ ᠭᠤᠷᠪᠠᠨ ᠶᠡᠭᠡ ᠠᠶᠢᠮᠠᠭ ᠪᠦᠯᠦᠭ ᠢ  ᠨᠡᠶᠢᠯᠡᠬᠦᠯᠦᠬᠡᠳ ᠠᠷᠣ ᠮᠣᠩᠭᠤᠯ ᠭᠡᠳᠡᠭ ᠶᠣᠮ᠃ ᠡᠳᠡᠭᠡᠷ ᠠᠶᠢᠮᠠᠭ ᠤᠳ ᠨᠢ ᠬᠠᠩᠭᠠᠢ ᠠᠭᠤᠯᠠ ᠠᠴᠠ ᠣᠮᠠᠷᠠᠰᠢ  ᠡᠷᠬᠦᠨ᠎ᠠ ᠭᠤᠣᠯ᠂ ᠰᠡᠯᠡᠩᠬᠡ ᠮᠦᠷᠡᠨ ᠤ ᠪᠠᠷᠠᠭᠤᠨ ᠳᠠᠬᠢ ᠦᠷᠬᠡᠨ ᠠᠭᠤᠳᠠᠮ ᠭᠤᠪᠢ ᠨᠣᠳᠤᠭ ᠢᠶᠠᠷ ᠨᠡᠬᠦᠳᠡᠯᠯᠡᠨ  ᠮᠠᠯᠵᠢᠵᠣ ᠪᠠᠶᠢᠭᠰᠠᠨ ᠠᠴᠠ ᠪᠠᠨ ᠴᠢᠩ ᠣᠯᠣᠰ ᠤᠨ ᠲᠡᠭᠷᠢ ᠶᠢᠨ ᠰᠠᠴᠡᠨ ᠤ ᠵᠢᠷᠭᠤᠳᠣᠭᠠᠷ ᠵᠢᠯ ︵1632 ᠣᠨ︶ ᠳᠤ  ᠬᠤᠶᠢᠳᠣ ᠠᠯᠳᠠᠨ ᠣᠯᠣᠰ ᠲᠠᠢ ᠨᠡᠶᠢᠯᠡᠵᠦ᠂ ᠲᠣᠰ ᠭᠠᠵᠠᠷ ᠲᠤ ᠢᠷᠡᠭᠡᠳ ᠴᠠᠬᠠᠷ ᠠᠶᠢᠮᠠᠭ ᠲᠤ ᠬᠠᠷᠢᠶᠠᠯᠠᠭᠳᠠᠭᠰᠠᠨ  ᠪᠠᠶᠢᠨ᠎ᠠ᠃ ᠲᠡᠭᠷᠢ ᠶᠢᠨ ᠰᠡᠴᠡᠨ ᠬᠠᠭᠠᠨ ᠤ ᠨᠠᠢᠮᠠᠳᠣᠭᠠᠷ ᠵᠢᠯ ︵1634 ᠣᠨ︶ ᠳᠤ ᠠᠶᠢᠮᠠᠭ ᠪᠦᠯᠦᠭ ᠤᠳ ᠤᠨ  ᠮᠠᠯᠵᠢᠯ ᠤᠨ ᠭᠠᠵᠠᠷ ᠢ ᠬᠤᠪᠢᠶᠠᠨ ᠲᠤᠭᠳᠠᠭᠠᠬᠤ ᠦᠶ᠎ᠡ ᠳᠤ ᠡᠨᠡ ᠬᠦ ᠬᠡᠰᠡᠭ ᠭᠠᠵᠠᠷ ᠢ ᠣᠩᠨᠢᠭᠤᠳ ᠠᠶᠢᠮᠠᠭ ᠲᠤ  ᠬᠤᠪᠢᠶᠠᠨ ᠦᠭᠬᠦᠬᠡᠳ ᠲᠣᠰ ᠠᠶᠢᠮᠠᠭ ᠢ ᠣᠩᠨᠢᠭᠤᠳ ᠤᠨ ᠵᠡᠬᠦᠨ ᠪᠠᠷᠠᠭᠤᠨ ᠭᠠᠷ ᠤᠨ ᠬᠤᠶᠡᠷ ᠬᠤᠰᠢᠭᠤ ᠬᠤᠪᠢᠶᠠᠨ  ᠵᠣᠣ ᠣᠳᠠ ᠠᠶᠢᠮᠠᠭ ᠲᠤ ᠬᠠᠷᠢᠶᠠᠯᠠᠭᠤᠯᠤᠭᠰᠡᠨ ᠪᠠᠶᠢᠨ᠎ᠠ ᠃ ᠵᠡᠬᠦᠨ ᠭᠠᠷ ᠤᠨ ᠬᠤᠰᠢᠭᠤ ᠶᠢᠨ ᠬᠡᠪᠴᠢᠶ᠎ᠡ ᠨᠢ ᠣᠳᠣ ᠶᠢᠨ  ᠣᠩᠨᠢᠭᠤᠳ ᠬᠤᠰᠢᠭᠤ ᠶᠢᠨ ᠬᠦᠷᠢᠶ᠎ᠡ ᠬᠡᠪᠴᠢᠶ᠎ᠡ  ᠲᠠᠢ ᠶᠡᠭᠡ ᠲᠦᠯᠦᠪ ᠠᠳᠠᠯᠢ ᠪᠠᠶᠢᠨ᠎ᠠ᠃ ᠴᠢᠩ ᠣᠯᠣᠰ ᠤᠨ ᠨᠠᠶᠢᠷᠠᠯᠳᠣ  ᠲᠦᠪ ᠤᠨ ᠲᠣᠯᠣᠳᠣᠭᠠᠷ ᠵᠢᠯ ᠳᠤ ᠪᠠ ᠭᠸᠣ ᠲᠢᠩᠬᠢᠮ ᠳᠤ ᠬᠠᠷᠢᠶᠠᠯᠠᠭᠳᠠᠵᠣ᠂ ᠴᠢᠩ ᠣᠯᠣᠰ ᠤᠨ ᠲᠡᠭᠷᠢ ᠲᠡᠳᠭᠦᠭᠴᠢ   ᠶᠢᠨ ᠭᠤᠴᠢ ᠶᠢᠰᠦᠳᠦᠬᠡᠷ ᠵᠢᠯ ᠳᠤ ᠣᠯᠠᠭᠠᠨᠬᠠᠳᠠ ᠲᠢᠩᠬᠢᠮ ᠳᠤ ᠬᠠᠮᠢᠶᠠᠷᠣᠬᠳᠠᠵᠣ᠂ ᠴᠢᠩ ᠣᠯᠣᠰ ᠤᠨ ᠪᠠᠳᠠᠷᠠᠭᠤᠯᠳᠣ  ᠲᠦᠷᠦ ᠶᠢᠨ ᠭᠤᠴᠢᠨ ᠲᠦᠷᠪᠡᠳᠦᠬᠡᠷ ᠵᠢᠯ ᠳᠤ ᠣᠯᠠᠭᠠᠨᠬᠠᠳᠠ ᠶᠢᠨ ᠰᠢᠭᠤᠳ ᠬᠠᠷᠢᠶ᠎ᠠ ᠵᠸᠣ ᠪᠠᠶᠢᠵᠠᠢ᠃ ᠲᠣᠮᠳᠠᠳᠣ  ᠢᠷᠬᠡᠨ ᠣᠯᠣᠰ ᠤᠨ ᠡᠬᠢᠨ ᠤ ᠦᠶ᠎ᠡ ᠳᠤ ᠵᠡᠬᠦᠨ ᠪᠦᠯᠦᠭ ᠤᠨ ᠮᠣᠩᠭᠤᠯ ᠦᠨᠳᠦᠰᠦᠳᠡᠨ ᠲᠦᠪᠯᠡᠷᠡᠨ ᠰᠠᠭᠤᠷᠢᠰᠢᠵᠣ  ᠪᠠᠶᠢᠭᠰᠠᠨ ᠣᠷᠣᠨ  ᠢ ᠣᠩᠨᠢᠭᠤᠳ ᠵᠡᠬᠦᠨ ᠭᠠᠷ ᠤᠨ ᠬᠤᠰᠢᠭᠤ ᠬᠡᠵᠦ᠂ ᠪᠠᠷᠠᠭᠤᠨ ᠬᠡᠰᠡᠭ ᠤᠨ ᠬᠢᠳᠡᠳ ᠦᠨᠳᠦᠰᠦᠳᠡᠨ   ᠤ ᠲᠦᠪᠯᠡᠷᠡᠨ ᠰᠠᠭᠤᠷᠢᠰᠢᠵᠣ ᠪᠠᠶᠢᠭᠰᠠᠨ ᠣᠷᠣᠨ ᠢ ᠣᠣᠯ ᠤᠨ ᠣᠯᠠᠭᠠᠨᠬᠠᠳᠠ ᠰᠢᠶᠠᠨ ᠳᠤ ᠬᠤᠪᠢᠶᠠᠵᠣ᠂ ᠵᠢᠷᠭᠤᠳᠣᠭᠠᠷ  ᠨᠣᠳᠤᠭ  ᠲᠤ ᠬᠠᠮᠢᠶᠠᠷᠣᠭᠳᠠᠵᠣ ᠪᠠᠶᠢᠭᠰᠠᠨ ᠶᠣᠮ᠃ ᠲᠣᠮᠳᠠᠳᠣ ᠢᠷᠬᠡᠨ ᠣᠯᠣᠰ ᠤᠨ ᠬᠤᠷᠢᠳᠣᠭᠠᠷ ᠵᠢᠯ ︵1931︶   ᠳᠤ ᠪᠣᠷᠣᠬᠤᠳᠠ ᠳᠤ ᠴᠢᠣᠸᠠᠨ ᠨᠢᠩ ᠪᠠᠶᠢᠷᠢᠯᠠᠭᠤᠯᠣᠯᠳᠠ ᠶᠢᠨ ᠲᠣᠪᠴᠢᠶ᠎ᠠ ᠶᠢ ᠪᠠᠶᠢᠭᠤᠯᠣᠭᠠᠳ ᠮᠦᠨ ᠵᠢᠯ ᠳᠤ ᠨᠢ  ᠴᠢᠦᠸᠠᠨ ᠨᠢᠩ ᠰᠢᠶᠠᠨ ᠬᠡᠵᠦ ᠦᠬᠡᠷᠡᠴᠢᠯᠡᠪᠡ᠃ ᠲᠣᠮᠳᠠᠳᠣ ᠢᠷᠬᠡᠨ ᠣᠯᠣᠰ ᠤᠨ ᠬᠤᠷᠢᠨ ᠨᠢᠬᠡᠳᠦᠬᠡᠷ ᠵᠢᠯ ︵1932  ᠣᠨ︶ ᠳᠤ ᠴᠢᠣᠸᠠᠨ ᠨᠢᠩ ᠰᠢᠶᠠᠨ ᠢ ᠬᠠᠰᠣᠵᠣ ᠣᠯᠠᠭᠠᠨᠬᠠᠳᠠ ᠶᠢᠨ ᠵᠢᠷᠭᠤᠳᠣᠭᠠᠷ ᠨᠣᠳᠤᠭ ᠪᠣᠯᠭᠠᠵᠠᠢ᠃ 1933  ᠣᠨ ᠳᠤ ᠶᠠᠫᠣᠨ ᠡᠵᠡᠷᠬᠡᠭ ᠲᠦᠷᠢᠮᠡᠬᠡᠶᠢᠳᠡᠨ ᠤ ᠬᠠᠭᠤᠷᠮᠠᠭ ᠮᠠᠨᠵᠣ ᠶᠢᠨ ᠵᠠᠰᠠᠭ ᠨᠣᠶᠠᠷᠬᠠᠵᠣ ᠪᠠᠶᠢᠭᠰᠠᠨ ᠦᠶ᠎ᠡ ᠳᠤ  ᠣᠩᠨᠢᠭᠤᠳ ᠵᠡᠬᠦᠨ ᠬᠤᠰᠢᠭᠤ ᠪᠠᠶᠢᠵᠣ᠂ ᠬᠠᠭᠤᠷᠮᠠᠭ ᠬᠤᠰᠢᠭᠤᠨ ᠵᠠᠬᠢᠷᠭ᠎ᠠ ᠨᠢ ᠪᠣᠷᠣᠬᠤᠳᠠ ᠳᠤ ᠪᠠᠶᠢᠪᠠ᠃ 1945  ᠣᠨ ᠤ 8 ᠰᠠᠷ᠎ᠠ ᠳᠤ ᠴᠢᠯᠦᠬᠡᠯᠡᠭᠳᠡᠭᠡᠳ᠂ ᠣᠩᠨᠢᠭᠤᠳ ᠬᠤᠰᠢᠭᠤᠨ ᠤ ᠠᠷᠠᠳ ᠤᠨ ᠵᠠᠰᠠᠭ  ᠤᠨ ᠣᠷᠳᠣᠨ ᠢ  ᠪᠠᠶᠢᠭᠤᠯᠵᠣ᠂ ᠿᠧᠾᠧ ᠮᠣᠵᠢ ᠳᠤ ᠬᠠᠷᠢᠶᠠᠯᠠᠭᠤᠯᠵᠠᠢ᠃ 1946 ᠣᠨ ᠠᠴᠠ 1947 ᠣᠨ ᠤ ᠬᠤᠭᠤᠷᠣᠨᠳᠣ  ᠪᠣᠷᠣᠬᠤᠳᠠ ᠨᠢ ᠡᠾᠧᠪᠸᠢ᠂ ᠴᠠᠬᠠᠷ᠂ ᠿᠧᠾᠧ᠂ ᠯᠢᠶᠣᠣᠨᠢᠩ ᠤᠨ ᠴᠡᠷᠢᠭ ᠤᠨ ᠲᠣᠭᠤᠷᠢᠭ ᠤᠨ ᠬᠤᠷᠢᠨ ᠬᠤᠶᠠᠳᠣᠭᠠᠷ  ᠬᠤᠪᠢᠶᠠᠷᠢ ᠲᠣᠭᠤᠷᠢᠭ ᠤᠨ ᠰᠠᠭᠤᠭ᠎ᠠ ᠭᠠᠵᠠᠷ ᠪᠠᠶᠢᠭᠰᠠᠨ ᠶᠣᠮ᠃ 1946 ᠣᠨ ᠳᠤ ᠬᠤᠰᠢᠭᠤ ᠰᠢᠶᠠᠨ ᠬᠤᠪᠢᠶᠠᠵᠣ᠂  ᠪᠣᠷᠣᠬᠤᠳᠠ ᠠᠴᠠ ᠪᠠᠷᠠᠭᠤᠨᠰᠢ ᠬᠡᠰᠡᠭ ᠭᠠᠵᠠᠷ ᠢ ᠪᠣᠷᠣᠬᠤᠳᠠ ᠰᠢᠶᠠᠨ ᠬᠡᠵᠦ᠂ ᠵᠡᠬᠦᠨᠰᠢ ᠬᠡᠰᠡᠭ ᠭᠠᠵᠠᠷ ᠲᠤ ︵ᠣᠳᠣᠬᠢ  ᠠᠣᠬᠠᠨ ᠬᠤᠰᠢᠭᠤᠨ ᠤ ᠯᠣᠤᠬ᠎ᠠ ᠶᠢᠨ ᠭᠤᠣᠯ ᠤᠨ ᠪᠠᠷᠠᠭᠤᠨ ᠬᠠᠪᠢ ᠶᠢ ᠲᠠᠭᠠᠭᠰᠠᠨ ᠬᠡᠰᠡᠭ ᠭᠠᠵᠠᠷ ᠣᠷᠣᠨ ᠢ  ᠪᠠᠭᠳᠠᠭᠠᠭᠰᠠᠨ︶ 1947 ᠣᠨ ᠤ ᠬᠠᠪᠣᠷ ᠣᠩᠨᠢᠭᠤᠳ ᠠᠣᠬᠠᠨ ᠤ ᠬᠤᠯᠪᠣᠭᠠᠳᠣ ᠬᠤᠰᠢᠭᠤ ᠶᠢ ᠪᠠᠶᠢᠭᠤᠯᠵᠣ᠂ ᠵᠠᠰᠠᠭ   ᠤᠨ ᠣᠷᠳᠣᠨ ᠢᠶᠠᠨ ᠢᠳᠠᠭᠤᠨ ᠭᠤᠣ ᠳᠤ ᠪᠠᠶᠢᠷᠢᠯᠠᠭᠤᠯᠵᠠᠢ᠃ ᠰᠡᠬᠦᠯᠡᠷ ᠨᠢ ᠣᠳᠠᠨ ᠲᠣᠬᠤᠢ ︵ᠣᠭ ᠨᠡᠷ᠎ᠡ ᠨᠢ  ᠬᠠᠭᠤᠴᠢᠨ ᠬᠤᠷᠢᠶ᠎ᠠ︶ ᠳᠤ ᠨᠡᠬᠦᠵᠦ᠂ 1949 ᠣᠨ ᠳᠤ ᠣᠩᠨᠢᠭᠤᠳ ᠠᠣᠬᠠᠨ ᠤ ᠬᠤᠯᠪᠣᠭᠠᠳᠣ ᠬᠤᠰᠢᠭᠤ ᠶᠢ  ᠣᠩᠨᠢᠭᠤᠳ ᠬᠤᠰᠢᠭᠤ ᠪᠣᠯᠭᠠᠵᠠᠢ᠃ 1954 ᠣᠨ ᠤ 4 ᠰᠠᠷ᠎ᠠ ᠳᠤ ᠣᠩᠨᠢᠭᠤᠳ ᠤᠨ ᠮᠣᠩᠭᠤᠯ ᠦᠨᠳᠦᠰᠦᠳᠡᠨ ᠤ  ᠦᠪᠡᠷᠳᠡᠭᠡᠨ ᠵᠠᠰᠠᠬᠤ ᠬᠤᠰᠢᠭᠤ ᠶᠢ ᠪᠠᠶᠢᠭᠤᠯᠪᠠ᠃ 1956 ᠣᠨ ᠤ 1 ᠰᠠᠷ᠎ᠠ ᠳᠤ ᠿᠧᠾᠧ ᠮᠣᠵᠢ ᠶᠢ ᠬᠠᠰᠣᠵᠣ᠂  ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠳᠤ ᠬᠠᠮᠢᠶᠠᠷᠤᠭᠤᠯᠵᠦ ᠣᠩᠨᠢᠭᠤᠳ ᠬᠤᠰᠢᠭᠤᠨ ᠤ ᠠᠷᠠᠳ ᠤᠨ  ᠵᠦᠪᠯᠡᠯ ᠪᠣᠯᠭᠠᠵᠠᠢ᠃ ᠮᠦᠨ ᠵᠢᠯ ᠤᠨ ᠬᠢᠨᠢ 6 ᠳ᠋ᠣᠭᠠᠷ ᠰᠠᠷ᠎ᠠ ᠳᠤ ᠪᠣᠷᠣᠬᠤᠳᠠ ᠰᠢᠶᠠᠨ ᠢ ᠬᠠᠰᠣᠵᠣ᠂ ᠣᠩᠨᠢᠭᠤᠳ  ᠬᠤᠰᠢᠭᠤ ᠳᠤ ᠨᠡᠶᠢᠯᠡᠬᠦᠯᠦᠨ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠢᠶᠠᠨ ᠪᠣᠷᠣᠬᠤᠳᠠ ᠪᠠᠯᠭᠠᠰᠣᠨ ᠳᠤ  ᠪᠠᠶᠢᠷᠢᠯᠠᠭᠤᠯᠵᠠᠢ᠃ 1968 ᠣᠨ ᠳᠤ ᠣᠩᠨᠢᠭᠤᠳ ᠬᠤᠰᠢᠭᠤᠨ ᠤ ᠬᠤᠪᠢᠰᠬᠠᠯ ᠤᠨ ᠵᠦᠪᠯᠡᠯ ᠬᠡᠵᠦ ᠦᠬᠡᠷᠡᠴᠢᠯᠡᠪᠡ᠃  1969 ᠣᠨ  ᠳᠤ ᠣᠩᠨᠢᠭᠤᠳ ᠬᠤᠰᠢᠭᠤ ᠨᠢ ᠵᠣᠣ ᠣᠳᠠ ᠠᠶᠢᠮᠠᠭ ᠢ ᠲᠠᠭᠠᠵᠣ᠂ ᠯᠢᠶᠣᠣᠨᠢᠩ ᠮᠣᠵᠢ ᠳᠤ  ᠬᠠᠷᠢᠶᠠᠯᠠᠭᠳᠠᠵᠣ᠂ 1979 ᠣᠨ ᠳᠤ ᠲᠠᠬᠢᠨ ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠳᠤ ᠬᠠᠷᠢᠶᠠᠯᠠᠭᠳᠠᠨ  ᠂ ᠣᠩᠨᠢᠭᠤᠳ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠢ ᠪᠠᠶᠢᠭᠤᠯᠪᠠ᠃  
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号