ᠮᠣᠩᠭᠤᠯᠴᠤᠳ ᠤᠨ ᠬᠤᠪᠴᠠᠰᠤ ᠬᠤᠨᠠᠷ ᠡᠮᠤᠰᠴᠤ ᠵᠡᠭᠦᠬᠦ ᠶᠢᠨ ᠴᠡᠭᠡᠷ
ᠨᠡᠶᠢᠲᠡᠯᠡᠭᠰᠡᠨ ᠴᠠᠭ᠄
2016/7/27
    ᠮᠠᠯᠠᠭᠠᠢ ᠶᠢ ᠬᠠᠵᠠᠭᠠᠷ ᠰᠣᠯᠢᠭᠤ᠂ ᠪᠣᠷᠤᠭᠤ ᠬᠠᠷᠠᠭᠤᠯᠵᠤ ᠡᠮᠤᠰᠬᠦ ᠶᠢ ᠴᠡᠭᠡᠷᠯᠡᠨ᠎ᠡ᠃      ᠮᠠᠯᠠᠭᠠᠢ ᠶᠢ ᠳᠠᠪᠬᠤᠷᠯᠠᠵᠤ ᠡᠮᠤᠰᠪᠡᠯ ᠬᠤᠶᠠᠷ ᠡᠬᠡᠨᠡᠷ ᠠᠪᠬᠤ ᠮᠠᠭᠤ ᠢᠷᠸ᠎ᠠ ᠲᠠᠢ᠃      ᠮᠠᠯᠠᠭᠠᠢ ᠶᠢᠨ ᠤᠷᠢᠳᠤ ᠲᠠᠯ᠎ᠠ ᠨᠢ ᠣᠨᠵᠢᠭᠤ ᠪᠠᠶᠢᠬᠤ ᠶᠢ ᠴᠡᠭᠡᠷᠯᠡᠳᠡᠭ᠂ ᠢᠩᠭᠢᠪᠡᠯ ᠬᠡᠢ ᠮᠣᠷᠢ ᠳᠣᠷᠤᠶᠢᠲᠠᠨ᠎ᠠ      ᠮᠠᠯᠠᠭᠠᠢ ᠶᠢ ᠵᠠᠯᠠᠭ᠎ᠠ ᠦᠭᠡᠢ ᠪᠠᠷ ᠡᠮᠤᠰᠬᠦ ᠶᠢ ᠴᠡᠭᠡᠷᠯᠡᠨ᠎ᠡ᠃ ᠪᠡᠯᠪᠡᠰᠤᠷᠡᠯ ᠤᠨ ᠬᠤᠭᠤᠴᠠᠭᠠᠨ ᠳᠤ ᠵᠠᠯᠠᠭ᠎ᠠ ᠶᠢ  ᠨᠢ ᠠᠪᠳᠠᠭ᠃      ᠲᠣᠯᠤᠭᠠᠢ ᠨᠢᠴᠤᠭᠦᠨ ᠪᠣᠶᠤ ᠮᠠᠯᠠᠭᠠᠢ ᠶᠢᠨ ᠢᠶᠠᠨ ᠪᠦᠴᠡ ᠶᠢ ᠲᠠᠶᠢᠯᠠᠬᠤ ᠦᠭᠡᠢ ᠪᠠᠷ ᠠᠶᠢᠯ ᠳᠤ ᠣᠷᠤᠬᠤ ᠶᠢ ᠴᠡᠭᠡᠷᠯᠡᠨ᠎ᠡ᠃      ᠴᠠᠭᠠᠨ ᠠᠯᠴᠢᠭᠤᠷ ᠣᠷᠢᠶᠠᠬᠤ ᠳᠠᠭᠠᠨ ᠵᠦᠭᠡᠷ ᠣᠷᠢᠶᠠᠬᠤ ᠦᠭᠡᠢ᠂ ᠡᠮᠤᠨ᠎ᠡ ᠲᠠᠯ᠎ᠠ ᠶᠢ   ᠨᠢ ᠬᠤᠷᠤᠭᠤ ᠰᠢᠬᠠᠮ ᠡᠷᠭᠢᠭᠦᠯᠵᠦ ᠣᠷᠢᠶᠠᠳᠠᠭ᠃ ᠡᠰᠡ ᠡᠶᠢᠮᠤ ᠪᠣᠯᠪᠠᠰᠤ ᠪᠡᠯᠪᠡᠰᠤᠷᠡᠯ ᠤᠨ ᠣᠷᠢᠶᠠᠯᠭ᠎ᠠ ᠭᠡᠳᠡᠭ᠃      ᠡᠩᠬᠡᠷ ᠢᠶᠠᠨ ᠰᠤᠯᠠ ᠵᠠᠳᠠᠭᠠᠢ ᠲᠠᠯᠪᠢᠬᠤ ᠶᠢ ᠴᠡᠭᠡᠷᠯᠡᠨ᠎ᠡ᠃ ᠪᠡᠯᠪᠡᠰᠤᠷᠡᠵᠤ ᠪᠠᠶᠢᠭ᠎ᠠ ᠬᠦᠮᠤᠨ ᠪᠣᠯ ᠵᠠᠳᠠᠭᠠᠶᠢᠯᠠᠨ᠎ᠠ᠃ ᠡᠩᠭᠡᠷ ᠢᠶᠠᠨ ᠪᠦᠰᠡᠨ ᠳᠤ  ᠬᠠᠪᠴᠢᠭᠤᠯᠪᠠᠯ ᠪᠡᠯᠪᠡᠰᠤᠷᠡᠯ ᠭᠠᠰᠢᠭᠤᠳᠠᠯ ᠤᠨ ᠲᠡᠮᠲᠡᠭ ᠪᠣᠯᠤᠨ᠎ᠠ᠃      ᠠᠬᠠᠮᠠᠳ ᠳᠡᠭᠡᠷ᠎ᠡ ᠦᠶ᠎ᠡ ᠶᠢᠨ ᠳᠡᠷᠭᠡᠳᠡ᠂ ᠣᠣᠵᠢ ᠪᠠᠨ ᠲᠠᠶᠢᠯᠠᠬᠤ᠂ ᠬᠤᠷᠮᠤᠢ  ᠰᠢᠭᠤᠬᠤ᠂ ᠡᠩᠭᠡᠷ ᠵᠠᠭᠠᠮ᠎ᠠ ᠪᠠᠨ ᠵᠠᠳᠠᠯᠬᠤ᠂ ᠳᠡᠪᠡᠯ ᠤᠨ ᠲᠣᠪᠴᠢ ᠲᠠᠶᠢᠯᠬᠤ ᠶᠢ ᠴᠡᠭᠡᠷᠯᠡᠳᠡᠭ᠃      ᠠᠷᠢᠬᠢ ᠪᠠᠷᠢᠬᠤ ᠳᠠᠭᠠᠨ ᠬᠤᠶᠠᠷ ᠡᠲᠡᠭᠡᠳ ᠢᠶᠠᠷ ᠢᠶᠠᠨ ᠬᠠᠨᠴᠤᠢ ᠪᠠᠨ ᠰᠢᠮᠠᠯᠠᠬᠤ ᠪᠣᠶᠤ ᠬᠤᠷᠮᠤᠢ ᠪᠠᠨ ᠰᠢᠭᠤᠬᠤ᠂ ᠡᠩᠭᠡᠷ ᠵᠠᠭᠠᠮ᠎ᠠ ᠪᠠᠨ ᠵᠠᠳᠠᠯᠬᠤ᠂ ᠳᠡᠪᠡᠯ ᠤᠨ ᠲᠣᠪᠴᠢ ᠲᠠᠶᠢᠯᠠᠬᠤ ᠶᠢ ᠴᠡᠭᠡᠷᠯᠡᠳᠡᠭ᠃ ᠬᠤᠪᠴᠠᠰᠤ ᠬᠤᠨᠠᠷ᠂ ᠮᠠᠯᠠᠭᠠᠢ ᠵᠢᠩᠰᠡ ᠪᠠᠨ ᠴᠡᠪᠡᠷ ᠲᠡᠭᠰᠢ ᠪᠠᠶᠢᠯᠭᠠᠨ ᠨᠢᠭᠡᠨ ᠨᠢᠭᠡᠨ ᠢᠶᠠᠨ ᠪᠣᠶᠤ ᠶᠡᠭᠡ ᠢᠳᠡᠭᠡᠨ ᠢ ᠬᠦᠨᠳᠤᠳᠭᠡᠵᠦ ᠪᠠᠶᠢᠬᠤ ᠪᠠᠨ ᠢᠯᠡᠳᠭᠡᠳᠡᠭ᠃      ᠪᠦᠰᠡ ᠪᠠᠨ ᠠᠯᠳᠠᠷᠠᠭᠠᠵᠤ ᠴᠢᠷᠴᠤ ᠶᠠᠪᠤᠪᠠᠯ ︽ᠦᠯᠤᠨ ᠭᠡᠳᠡᠰᠤ ᠴᠢᠨᠢ ᠴᠣᠪᠤᠵᠤ ᠪᠠᠶᠢᠨ᠎ᠠ   ᠦᠦ︖︾ ᠭᠡᠵᠦ ᠠᠮᠠ ᠪᠠᠨ ᠠᠰᠠᠭᠤᠯᠭᠠᠳᠠᠭ᠃ ᠭᠠᠷᠤᠵᠠ ᠭᠠᠷᠤᠨ᠎ᠠ ᠭᠡᠵᠤ ᠴᠦ ᠬᠡᠯᠡᠯᠴᠡᠳᠡᠭ᠃      ᠪᠦᠰᠡ ᠪᠠᠨ ᠪᠣᠰᠤᠳ ᠤᠨ ᠪᠦᠰᠡᠭᠦᠢ ᠪᠠᠷ ᠪᠦᠰᠡᠯᠡᠭᠦᠯᠬᠦ ᠪᠣᠶᠤ ᠨᠠᠷᠠ ᠪᠣᠷᠤᠭᠤ ᠣᠷᠢᠶᠠᠬᠤ ᠶᠢ ᠴᠡᠭᠡᠷᠯᠡᠳᠡᠭ᠃      ᠦᠬᠢᠨ ᠬᠦᠮᠤᠨ ᠣᠣᠵᠢ ᠡᠮᠤᠰᠬᠦ ᠦᠭᠡᠢ᠂ ᠪᠦᠰᠡ ᠪᠦᠰᠡᠯᠡᠳᠡᠭ ᠪᠦᠭᠡᠳ ᠠᠪᠠᠭᠠᠢ ᠬᠦᠮᠤᠨ ᠣᠣᠵᠢ ᠡᠮᠤᠰᠤᠨ᠎ᠡ᠂ ᠪᠦᠰᠡ ᠪᠦᠰᠡᠯᠡᠳᠡᠭ ᠦᠭᠡᠢ᠃      ᠬᠠᠨᠴᠤᠢ ᠪᠠᠨ ᠳᠣᠲᠤᠭᠰᠢ ᠨᠤᠭᠤᠯᠵᠤ ᠶᠠᠪᠤᠭ᠎ᠠ ᠬᠦᠮᠦᠨ ᠠᠴᠠ ︽ᠴᠢ ᠶᠠᠭᠤ ᠠᠯᠠᠬᠤ ᠭᠡᠵᠦ ᠪᠠᠶᠢᠨ᠎ᠠ︾ ᠬᠡᠮᠡᠨ ᠠᠮᠠ ᠠᠰᠠᠭᠤᠳᠠᠭ ᠶᠤᠮ᠃ ᠴᠠᠬᠠᠷ ᠤᠨ ᠵᠠᠷᠢᠮ ᠨᠤᠲᠤᠭ ᠢᠶᠠᠷ ᠡᠭᠦᠨ ᠢ ᠪᠠᠰᠠ ︽ᠵᠢᠷᠠᠨ ᠬᠤᠨᠤᠭ ᠤᠨ ᠪᠣᠷᠤᠭᠠᠨ ᠪᠣᠯᠤᠨ᠎ᠠ︾ ᠭᠡᠳᠡᠭ᠃      ᠬᠠᠨᠴᠤᠢ ᠰᠢᠮᠡᠯᠡᠨ ᠠᠶᠢᠯ ᠳᠤ ᠣᠷᠤᠪᠠᠯ ᠬᠡᠷᠡᠭᠦᠯ ᠵᠣᠳᠤᠭᠠᠨ ᠤ ᠰᠢᠨᠵᠢ ᠭᠡᠨ᠎ᠡ᠃      ᠬᠤᠯᠠ ᠣᠶᠢᠷ᠎ᠠ ᠶᠢᠨ ᠵᠣᠴᠢᠨ ᠠᠴᠠ ᠬᠤᠷᠮᠤᠢ ᠪᠠᠨ ᠰᠢᠭᠤᠵᠤ ᠠᠮᠤᠷ ᠠᠰᠠᠭᠤᠳᠠᠭ ᠦᠭᠡᠢ᠂ ᠶᠠᠮᠠᠷ ᠨᠢᠭᠡ ᠰᠢᠯᠲᠠᠭᠠᠨ ᠢᠶᠠᠷ ᠬᠤᠷᠮᠤᠢ ᠪᠠᠨ ᠰᠢᠭᠤᠵᠤ ᠪᠠᠶᠢᠭᠰᠠᠨ ᠦᠶ᠎ᠡ ᠳᠤ ᠬᠦᠮᠤᠨ ᠬᠠᠷ᠎ᠠ ᠢᠷᠡᠪᠡᠯ ᠶᠠᠭᠤᠨ ᠤ ᠡᠮᠤᠨ᠎ᠡ ᠬᠤᠷᠮᠤᠢ ᠪᠠᠨ ᠪᠠᠭᠤᠯᠭᠠᠭᠠᠳ ᠰᠠᠶ᠋ᠢ ᠠᠮᠤᠷ ᠠᠰᠠᠭᠤᠳᠠᠭ᠃       ᠬᠤᠷᠮᠤᠢ ᠪᠠᠨ ᠭᠡᠷ ᠳᠣᠲᠤᠷ᠎ᠡ ᠬᠡᠶᠢᠰᠭᠡᠬᠦ ᠦᠭᠡᠢ᠂ ᠬᠤᠷᠮᠤᠢ ᠪᠠᠨ ᠬᠤᠮᠢᠵᠤ ᠬᠦᠨᠳᠡᠶᠢᠭᠡᠨ ᠠᠯᠬᠤᠨ᠎ᠠ᠃      ᠬᠤᠷᠮᠤᠢ ᠪᠠᠨ ᠰᠢᠭᠤᠵᠤ ᠠᠶᠢᠯ ᠳᠤ ᠣᠷᠤᠬᠤ ᠶᠢ ᠴᠡᠭᠡᠷᠯᠡᠨ᠎ᠡ᠃      ᠬᠤᠯᠤᠭᠤᠪᠴᠢ ᠲᠠᠢ ᠪᠠᠨ ᠠᠶᠢᠯ ᠳᠤ ᠣᠷᠤᠬᠤ ᠶᠢ ᠴᠡᠭᠡᠷᠯᠡᠳᠡᠭ᠃ ᠮᠠᠯᠠᠭᠠᠢ ᠶᠢᠨ ᠬᠤᠯᠤᠭᠤᠪᠴᠢ᠂ ᠴᠢᠬᠢᠪᠴᠢ ᠪᠠᠨ ᠳᠡᠭᠡᠭᠰᠢ ᠪᠣᠯᠭᠠᠨ ᠲᠡᠭᠰᠢᠯᠡᠭᠡᠳ ᠣᠷᠤᠨ᠎ᠠ᠃      ᠳᠠᠮᠠᠬᠢ ᠰᠣᠯᠢᠯᠴᠠᠬᠤ  ᠮᠡᠨᠳᠦᠴᠢᠯᠡᠬᠦ ᠳᠡᠭᠡᠨ ᠳᠡᠪᠡᠯ ᠤᠨ ᠲᠣᠪᠴᠢ ᠪᠠᠨ ᠰᠤᠯᠠ ᠲᠠᠯᠪᠢᠬᠤ ᠪᠣᠶᠤ ᠬᠠᠨᠴᠤᠢ ᠪᠠᠨ ᠡᠷᠭᠢᠭᠦᠯᠪᠡᠯ ᠦᠷᠤᠭᠡᠯ ᠬᠦᠮᠤᠨ ᠢ ᠳᠣᠷᠤᠮᠵᠢᠯᠠᠨ᠂ ᠶᠣᠰᠤ ᠠᠯᠳᠠᠵᠤ ᠪᠠᠶᠢᠭ᠎ᠠ ᠶᠢᠨ ᠢᠯᠡᠷᠡᠯ ᠪᠣᠯᠤᠨ᠎ᠠ᠃      ᠬᠦᠮᠤᠨ ᠤ ᠰᠢᠨ᠎ᠡ ᠬᠤᠪᠴᠠᠰᠤ ᠶᠢ ᠲᠣᠷᠰᠢᠵᠤ ᠡᠮᠤᠰᠬᠦ ᠶᠢ ᠴᠡᠭᠡᠷᠯᠡᠳᠡᠭ᠃ ᠢᠯᠡᠭᠦᠦ ᠵᠠᠬ᠎ᠠ ᠬᠤᠪᠴᠠᠰᠤ ᠡᠮᠤᠰᠴᠤ ᠨᠠᠰᠤ ᠣᠬᠤᠷ ᠪᠣᠯᠤᠨ᠎ᠠ ᠭᠡᠬᠦ ᠪᠣᠶᠤ ᠡᠵᠡᠨ ᠤ ᠬᠢᠨᠢ ᠵᠣᠪᠠᠯᠠᠩ ᠢ ᠠᠪᠤᠨ᠎ᠠ ᠭᠡᠳᠡᠭ᠃      ᠭᠠᠷ ᠪᠠᠷᠢᠯᠴᠠᠬᠤ ᠳᠠᠭᠠᠨ ᠪᠡᠭᠡᠯᠡᠢ ᠲᠠᠢ ᠪᠠᠶᠢᠬᠤ ᠶᠢ ᠴᠡᠭᠡᠷᠯᠡᠨ᠎ᠡ᠃      ᠲᠣᠪᠴᠢ ᠰᠢᠯᠪᠢ ᠦᠭᠡᠢ ᠬᠤᠪᠴᠠᠰᠤ ᠡᠮᠤᠰᠬᠦ ᠶᠢ ᠴᠡᠭᠡᠷᠯᠡᠨ᠎ᠡ᠃ ᠦᠬᠦᠭᠰᠡᠨ ᠬᠦᠮᠤᠨ ᠳᠤ ᠡᠶᠢᠮᠦ ᠬᠤᠪᠴᠠᠰᠤ ᠡᠮᠤᠰᠭᠡᠳᠡᠭ᠃      ᠲᠣᠪᠴᠢ ᠰᠢᠯᠪᠢ ᠪᠠᠨ ᠲᠣᠪᠴᠢᠯᠠᠬᠤ ᠦᠭᠡᠢ ᠰᠤᠯᠠ ᠵᠠᠳᠠᠭᠠᠢ ᠪᠠᠶᠢᠯᠭᠠᠪᠠᠯ ︽ᠡᠩᠭᠡᠷ ᠡᠯᠢᠭᠡ ᠦᠭᠡᠢ ᠬᠦᠮᠦᠨ ᠪᠠᠶᠢᠨ᠎ᠠ︾ ᠭᠡᠵᠦ ᠵᠢᠮᠡᠯᠡᠭᠳᠡᠨ᠎ᠡ᠃ ᠪᠡᠯᠪᠡᠰᠤᠷᠠᠯ ᠭᠠᠰᠢᠭᠤᠳᠠᠯ ᠤᠨ ᠬᠤᠭᠤᠴᠠᠭᠠᠨ ᠳᠤ ᠪᠠᠶᠢᠬᠤ ᠬᠦᠮᠤᠰ ᠪᠣᠯ ᠳᠡᠭᠡᠳᠡᠭ      ᠬᠤᠷᠮᠤᠢ ᠪᠠᠨ ᠠᠶᠠᠭ᠎ᠠ ᠰᠠᠪᠠ᠂ ᠲᠣᠭᠤᠭ᠎ᠠ ᠰᠢᠨᠠᠭᠠᠨ ᠳᠡᠭᠡᠭᠦᠷ ᠭᠠᠷᠭᠠᠬᠤ ᠶᠢ ᠴᠡᠭᠡᠷᠯᠡᠨ᠎ᠡ᠃      ᠳᠡᠭᠡᠵᠢ ᠵᠠᠰᠠᠬᠤ ᠪᠣᠶᠤ ᠠᠮᠰᠠᠬᠤ ᠳᠠᠭᠠᠨ ᠬᠤᠪᠴᠠᠰᠤ ᠬᠤᠨᠠᠷ ᠢᠶᠠᠨ ᠰᠤᠯᠠ ᠵᠠᠳᠠᠭᠠᠢ ᠪᠠᠶᠢᠯᠭᠠᠬᠤ ᠶᠢ ᠴᠡᠭᠡᠷᠯᠡᠳᠡᠭ᠃      ᠴᠠᠢ ᠪᠣᠳᠠᠭ᠎ᠠ ᠠᠶᠠᠭᠠᠯᠠᠬᠤ ᠳᠠᠭᠠᠨ ᠬᠠᠨᠴᠤᠢ ᠪᠠᠨ ᠰᠢᠮᠡᠯᠡᠬᠤ᠂ ᠬᠤᠷᠮᠤᠢ ᠪᠠᠨ ᠰᠢᠭᠤᠬᠤ ᠪᠣᠶᠤ ᠡᠩᠭᠡᠷ  ᠡᠯᠢᠭᠡ ᠪᠠᠨ ᠰᠤᠯᠠ ᠵᠠᠳᠠᠭᠠᠢ ᠪᠠᠶᠢᠯᠭᠠᠬᠤ ᠶᠢ ᠴᠡᠭᠡᠷᠯᠡᠳᠡᠭ᠃ ᠡᠰᠡ ᠲᠡᠶᠢᠮᠦ ᠪᠣᠯᠪᠠᠰᠤ ᠦᠷᠤᠭᠡᠯ ᠬᠦᠮᠦᠨ ᠢᠶᠠᠨ ᠳᠣᠷᠤᠮᠵᠢᠯᠠᠭᠰᠠᠨ ᠤᠶᠢᠯᠡ ᠪᠣᠯᠤᠨ᠎ᠠ᠃            ︽ᠮᠣᠩᠭᠤᠯ ᠤᠨ ᠤᠯᠠᠮᠵᠢᠯᠠᠯᠲᠤ ᠴᠡᠭᠡᠷ ᠶᠣᠰᠤᠨ︾ ᠭᠡᠬᠦ ᠨᠣᠮ ᠠᠴᠠ ᠨᠠᠷᠠᠨ᠎ᠠ ᠰᠡᠶᠢᠷᠡᠭᠦᠯᠪᠡ                                         ᠨᠠᠶᠢᠷᠠᠭᠤᠯᠤᠭᠴᠢ᠂ ᠲᠢᠭᠯᠡᠭᠴᠢ  ᠄ ᠮᠧᠢ ᠵᠢᠤᠸᠠᠨ
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号