ᠮᠣᠩᠭᠤᠯᠴᠤᠳ ᠤᠨ ᠠᠰᠠᠷᠠᠵᠤ ᠡᠨᠡᠷᠢᠬᠦ ᠶᠣᠰᠤᠨ
ᠨᠡᠶᠢᠲᠡᠯᠡᠭᠰᠡᠨ ᠴᠠᠭ᠄
2016/9/5
     ᠮᠣᠩᠭᠤᠯᠴᠤᠳ ᠤᠨ ᠠᠰᠠᠷᠠᠵᠤ ᠡᠨᠡᠷᠢᠬᠦ ᠶᠣᠰᠤᠨ ᠨᠢ ᠡᠴᠢᠭᠡ ᠡᠬᠡ ᠪᠠᠨ ᠬᠦᠨᠳᠤᠯᠡᠵᠦ ᠠᠰᠠᠷᠠᠬᠤ ᠪᠠ ᠦᠷ᠎ᠡ ᠬᠡᠥᠭᠡᠳ ᠢᠶᠠᠨ ᠡᠨᠡᠷᠢᠨ ᠬᠠᠶᠢᠷᠠᠯᠠᠬᠤ ᠵᠠᠩᠰᠢᠯ ᠪᠣᠯᠤᠨ᠎ᠠ᠃ ᠮᠣᠩᠭᠤᠯᠴᠤᠳ ᠡᠴᠢᠭᠡ ᠡᠬᠡ ᠶᠢᠨ ᠢᠶᠠᠨ ᠡᠨᠡᠷᠢᠯ ᠬᠠᠶᠢᠷ᠎ᠠ ᠶᠢ ᠡᠭᠦᠷᠢᠳᠡ ᠰᠠᠨᠠᠵᠤ ᠶᠠᠪᠤᠳᠠᠭ᠃ ᠦᠷ᠎ᠡ ᠬᠡᠥᠭᠡᠳ ᠨᠢ ᠡᠴᠢᠭᠡ ᠡᠬᠡ ᠪᠠᠨ ᠠᠰᠠᠷᠠᠨ ᠬᠦᠨᠳᠤᠯᠡᠬᠦ ᠶᠢ ᠨᠢᠭᠡ ᠨᠠᠰᠤᠨ ᠤ ᠪᠠᠨ ᠶᠣᠰᠤ ᠵᠢᠷᠤᠮ ᠪᠣᠯᠭᠠᠨ ᠴᠢᠩᠭ᠎ᠠ ᠪᠠᠷᠢᠮᠳᠠᠯᠠᠳᠠᠭ᠃ ᠡᠴᠢᠬᠡ ᠡᠬᠡ ᠶᠢᠨ ᠢᠶᠠᠨ ᠦᠭᠡ ᠶᠢ ᠬᠢᠴᠢᠶᠡᠩᠭᠦᠢ ᠰᠣᠨᠤᠰᠴᠤ᠂ ᠵᠠᠬᠢᠶ᠎ᠠ ᠰᠤᠷᠭᠠᠯ ᠢᠶᠠᠷ ᠨᠢ ᠶᠠᠪᠤᠬᠤ ᠶᠢ ᠡᠷᠬᠢᠮ ᠶᠣᠰᠤ ᠪᠣᠯᠭᠠᠳᠠᠭ᠃ ᠡᠴᠢᠭᠡ ᠡᠬᠡ ᠶᠢᠨ ᠦᠭᠡᠳᠡ ᠠᠴᠠ ᠶᠡᠬᠡᠷᠯᠡᠵᠦ ᠶᠠᠷᠭᠢᠬᠤ᠂ ᠬᠢᠯᠤᠶᠢᠵᠤ ᠬᠠᠷᠠᠬᠤ᠂ ᠴᠢᠷᠠᠢ ᠦᠵᠡᠭᠦᠯᠬᠦ ᠶᠢ  ᠴᠡᠭᠡᠷᠯᠡᠵᠦ᠂ ᠡᠴᠢᠭᠡ ᠡᠬᠡ ᠪᠠᠨ ᠠᠲᠠ ᠦᠵᠡᠬᠦ ᠶᠢ ᠴᠡᠭᠡᠷᠯᠡᠨ᠎ᠡ᠃ ︽ᠡᠷᠬᠢ ᠠᠴᠠ ᠲᠦᠷᠤᠵᠤ ᠡᠯᠡᠰᠤᠨ ᠠᠴᠠ ᠤᠷᠭᠤᠭᠰᠠᠨ ᠪᠢᠰᠢ︾ ᠲᠤᠯᠠ ᠡᠴᠢᠭᠡ ᠡᠬᠡ ᠪᠠᠨ ᠬᠦᠨᠳᠤᠯᠡᠨ ᠠᠰᠠᠷᠠᠵᠤ᠂ ᠦᠭᠡ ᠰᠤᠷᠭᠠᠯ ᠢ ᠨᠢ ᠰᠣᠨᠤᠰᠴᠤ ᠲᠠᠭᠠᠬᠤ ᠶᠢ ᠡᠷᠬᠢᠮᠯᠡᠳᠡᠭ᠃      ᠡᠴᠢᠭᠡ ᠡᠬᠡ ᠶᠢᠨ ᠳᠡᠷᠭᠡᠳᠡ ᠠᠮᠠᠷᠠᠭ ᠢᠨᠠᠭ ᠠᠯᠢᠶ᠎ᠠ ᠱᠠᠯᠢᠭ ᠶᠠᠪᠤᠳᠠᠯ ᠤᠨ ᠲᠣᠬᠠᠢ ᠶᠠᠷᠢᠬᠤ᠂ ᠬᠠᠷᠢᠶᠠᠯ ᠵᠦᠭᠡᠯ ᠲᠠᠯᠪᠢᠬᠤ ᠪᠠ ᠠᠷᠢᠬᠢ ᠤᠤᠭᠤᠬᠤ᠂ ᠳᠠᠮᠠᠬᠢ ᠲᠠᠲᠠᠬᠤ ᠶᠢ ᠴᠡᠭᠡᠷᠯᠡᠳᠡᠭ᠃ ᠠᠶᠢᠯ ᠭᠡᠷ ᠪᠣᠰᠬᠠᠵᠤ ᠦᠷ᠎ᠡ ᠬᠡᠥᠭᠡᠳ ᠲᠠᠢ ᠪᠣᠯᠤᠭᠠᠳ ᠡᠴᠢᠭᠡ ᠡᠬᠡ ᠨᠢ ᠠᠷᠢᠬᠢ ᠳᠠᠮᠠᠬᠢᠨ ᠤ ᠴᠡᠭᠡᠷ ᠲᠠᠶᠢᠯᠵᠤ ᠴᠢᠯᠤᠭᠡ ᠦᠭᠭᠦᠭᠰᠡᠨ ᠤ ᠳᠠᠷᠠᠭ᠎ᠠ ᠰᠠᠶ᠋ᠢ ᠲᠠᠮᠠᠬᠢ ᠲᠠᠲᠠᠬᠤ ᠪᠣᠶᠤ ᠪᠠᠭ᠎ᠠ ᠰᠠᠭ᠎ᠠ ᠠᠷᠢᠬᠢ ᠣᠣᠭᠤᠵᠤ ᠪᠣᠯᠳᠠᠭ᠃ ᠠᠷᠢᠬᠢᠨ ᠤ ᠴᠢᠯᠤᠭᠡ ᠶᠢ ᠶᠡᠷᠤᠩᠬᠡᠢ   ᠳᠡᠭᠡᠨ ᠵᠢᠯ ᠴᠠᠭᠠᠨ ᠰᠠᠷ᠎ᠠ ᠪᠣᠶᠥ ᠬᠤᠷᠢᠮ ᠨᠠᠶᠢᠷ ᠢ ᠳᠣᠬᠢᠶᠠᠯᠳᠤᠭᠤᠯᠵᠤ᠂ ᠡᠴᠢᠭᠡ ᠡᠬᠡ ᠨᠢ ᠠᠷᠢᠬᠢ ᠭᠡᠮᠨᠡᠭᠡᠳ ᠬᠦᠦ ᠳᠡᠭᠡᠨ ᠦᠭᠴᠦ᠂ ︽ᠵᠠ᠂ ᠠᠷᠢᠬᠢᠨ ᠴᠢᠯᠤᠭᠡ ᠦᠭᠭᠦᠶ᠎ᠡ᠂ ᠰᠠᠭᠠᠯᠢ ᠶᠢᠨ ᠳᠡᠭᠡᠵᠢ ᠰᠠᠷᠬᠤᠳ ᠢ ᠰᠠᠶᠢᠬᠠᠨ ᠡᠳ᠋ᠯᠡᠵᠦ ᠶᠠᠪᠤ︾ ᠭᠡᠬᠦ ᠮᠡᠲᠤ ᠪᠠᠷ ᠰᠤᠷᠭᠠᠳᠠᠭ᠃ ᠠᠷᠢᠬᠢᠨ ᠴᠢᠯᠤᠭᠡ ᠣᠯᠤᠭᠰᠠᠨ ᠬᠡᠥᠭᠡᠳ ᠨᠢ ᠪᠣᠰᠴᠤ ᠡᠴᠢᠭᠡ ᠡᠬᠡ ᠶᠢᠨ ᠢᠶᠠᠨ ᠱᠠᠩᠨᠠᠭᠰᠠᠨ ᠠᠷᠢᠬᠢ ᠶᠢ ᠬᠤᠶᠠᠷ ᠭᠠᠷ ᠢᠶᠠᠷ ᠢᠶᠠᠨ ᠬᠢᠴᠢᠶᠡᠩᠭᠦᠶᠢᠯᠡᠨ ᠲᠣᠰᠴᠤ ᠮᠦᠷᠭᠦᠭᠡᠳ ᠠᠮᠰᠠᠭᠰᠠᠨ ᠤ ᠳᠠᠷᠠᠭ᠎ᠠ ᠡᠴᠢᠭᠡ ᠡᠬᠡ ᠳᠡᠭᠡᠨ ᠪᠣᠴᠠᠭᠠᠨ ᠪᠠᠷᠢᠳᠠᠭ ᠶᠣᠰᠤ ᠲᠠᠢ᠃ ᠳᠠᠮᠠᠬᠢᠨ ᠴᠢᠯᠤᠭᠡ ᠦᠭᠬᠦ ᠳᠤ᠂ ᠡᠴᠢᠭᠡ ᠡᠬᠡ ᠨᠢ ᠭᠠᠩᠰᠠ ᠳᠠᠮᠠᠬᠢ ᠪᠠᠨ ᠪᠣᠶᠤ ᠨᠢᠭᠡ ᠭᠤᠲᠤᠯᠢ ᠲᠠᠮᠠᠬᠢ ᠨᠣᠴᠤᠭᠠᠵᠤ ᠳᠠᠮᠠᠬᠢᠨ ᠴᠢᠯᠤᠭᠡ ᠣᠯᠵᠤ ᠪᠠᠶᠢᠭ᠎ᠠ ᠬᠡᠥᠭᠡᠳ ᠲᠡᠭᠡᠨ ᠦᠭᠳᠡᠭ  ᠃ ᠡᠶᠢᠮᠤᠷᠬᠦ ᠶᠣᠰᠤᠯᠠᠯ ᠢᠶᠠᠷ ᠳᠠᠮᠵᠢᠪᠠᠯ ᠰᠠᠶ᠋ᠢ ᠦᠷ᠎ᠡ ᠬᠡᠥᠭᠡᠳ ᠨᠢ ᠡᠴᠢᠭᠡ ᠡᠬᠡ ᠠᠴᠠ ᠪᠠᠨ ᠠᠷᠢᠬᠢ᠂ ᠲᠠᠮᠠᠬᠢᠨ ᠴᠢᠯᠤᠭᠡ ᠣᠯᠤᠭᠰᠠᠨ ᠳᠤ ᠲᠣᠭᠠᠴᠠᠭᠳᠠᠨ᠎ᠠ᠃      ᠦᠷ᠎ᠡ ᠬᠡᠥᠭᠡᠳ ᠨᠢ ᠡᠴᠢᠭᠡ ᠡᠬᠡ ᠠᠴᠠ ᠪᠠᠨ ᠡᠷᠲᠡ ᠪᠣᠰᠴᠤ ᠣᠷᠤᠢ ᠤᠨᠲᠠᠨ᠂ ᠦᠷᠯᠤᠭᠡ ᠭᠠᠯ ᠢ ᠨᠢ ᠨᠣᠴᠤᠭᠠᠵᠤ᠂ ᠣᠷᠤᠢ ᠣᠷᠣ ᠳᠡᠪᠢᠰᠭᠡᠷ ᠢ ᠨᠢ ᠵᠠᠰᠠᠵᠤ ᠦᠭᠳᠡᠭ᠃ ᠡᠩ ᠤᠨ ᠦᠶ᠎ᠡ ᠳᠤ ᠢᠳᠡᠵᠦ ᠡᠮᠤᠰᠬᠦ ᠶᠢ ᠨᠢ ᠵᠣᠬᠢᠴᠠᠭᠤᠯᠤᠨ ᠴᠠᠭ ᠴᠠᠭ ᠤᠨ ᠴᠠᠢ ᠬᠤᠭᠤᠯᠠ ᠪᠠᠵᠠᠭᠠᠬᠤ ᠳᠠᠭᠠᠨ ᠡᠴᠢᠭᠡ ᠡᠬᠡ ᠠᠴᠠ ᠪᠠᠨ ᠶᠠᠭᠤ ᠢᠳᠡᠬᠦ ᠶᠢ ᠠᠰᠠᠭᠤᠵᠤ ᠠᠯᠢ ᠳᠤᠷᠠᠲᠠᠢ ᠬᠤᠭᠤᠯᠠ ᠤᠮᠳᠠ ᠶᠢ ᠨᠢ ᠪᠡᠯᠡᠳᠭᠡᠵᠦ ᠦᠭᠳᠡᠭ᠃ ᠬᠤᠭᠤᠯᠠ ᠴᠠᠢ ᠠᠶᠠᠭᠠᠯᠠᠬᠤ ᠳᠠᠭᠠᠨ ᠡᠴᠢᠭᠡ ᠡᠬᠡ ᠳᠡᠭᠡᠨ ᠳᠡᠭᠡᠵᠢ ᠶᠢ ᠨᠢ ᠠᠶᠠᠭᠠᠯᠠᠵᠤ᠂ ᠬᠤᠶᠠᠷ ᠭᠠᠷ ᠢᠶᠠᠷ ᠢᠶᠠᠨ ᠬᠢᠴᠢᠶᠡᠩᠭᠦᠶᠢᠯᠡᠨ ᠪᠠᠷᠢᠳᠠᠭ᠃ ᠦᠷ᠎ᠡ ᠬᠡᠥᠭᠡᠳ ᠨᠢ ᠡᠴᠢᠬᠡ ᠡᠬᠡ ᠶᠢᠨ ᠳᠡᠷᠭᠡᠳᠡ ᠵᠠᠪᠢᠯᠠᠵᠤ ᠰᠠᠭᠤᠬᠤ ᠶᠢ ᠴᠡᠭᠡᠷᠯᠡᠨ ᠴᠣᠮᠴᠤᠶᠢᠵᠤ ᠰᠠᠭᠤᠳᠠᠭ᠃ ᠬᠦᠦ᠂ ᠬᠦᠷᠭᠡᠨ ᠮᠣᠩᠭᠤᠯ ᠭᠡᠷ ᠤᠨ ᠪᠠᠷᠠᠭᠤᠨ ᠲᠠᠯ᠎ᠠ ᠪᠠᠷ ᠰᠠᠭᠤᠵᠤ᠂ ᠬᠡᠥᠬᠡᠨ᠂ ᠪᠡᠷᠢ ᠨᠢ ᠵᠡᠭᠦᠨ ᠲᠠᠯ᠎ᠠ ᠪᠠᠷ ᠰᠠᠭᠤᠳᠠᠭ᠃      ᠦᠷ᠎ᠡ ᠬᠡᠥᠭᠡᠳ ᠨᠢ ᠠᠰ ᠲᠠᠭᠠᠨ ᠠᠶᠢᠯ ᠪᠣᠯᠵᠤ ᠭᠡᠷ ᠡᠷᠤᠬᠡ ᠪᠣᠰᠬᠠᠭᠠᠳ ᠡᠴᠢᠭᠡ ᠡᠬᠡ ᠠᠴᠠ ᠪᠠᠨ ᠵᠠᠶᠢᠳᠠᠭᠤ ᠰᠠᠭᠤᠵᠤ ᠪᠠᠶᠢᠭ᠎ᠠ ᠪᠣᠯ ᠦᠷᠬᠦᠯᠵᠢ ᠡᠷᠬᠢᠵᠤ ᠦᠵᠡᠳᠡᠭ᠃ ᠦᠷ᠎ᠡ ᠬᠡᠥᠭᠡᠳ ᠨᠢ ᠶᠠᠮᠠᠷ ᠨᠢᠭᠡᠨ ᠠᠵᠢᠯ ᠶᠠᠪᠤᠳᠠᠯ ᠬᠢᠬᠦ᠂ ᠬᠡᠷᠡᠭ ᠤᠴᠢᠷ ᠢ ᠰᠢᠢᠳᠪᠤᠷᠢᠯᠡᠬᠦ ᠳᠡᠭᠡᠨ ᠤᠷᠢᠳᠠᠪᠠᠷ ᠡᠴᠢᠭᠡ ᠡᠬᠡ ᠳᠡᠭᠡᠨ ᠬᠡᠯᠡᠵᠦ ᠲᠡᠳᠡᠨ ᠤ ᠰᠠᠨᠠᠯ ᠰᠤᠷᠭᠠᠯ ᠢ ᠠᠪᠳᠠᠭ᠃ ᠠᠶᠠᠨ ᠵᠢᠩ ᠳᠤ ᠶᠠᠪᠤᠬᠤ ᠪᠣᠶᠤ ᠬᠤᠯᠠ ᠶᠢᠨ ᠵᠠᠮ ᠳᠤ ᠮᠣᠷᠳᠠᠬᠤ ᠳᠠᠭᠠᠨ ᠡᠴᠢᠭᠡ ᠡᠬᠡ ᠶᠢᠨ ᠢᠶᠠᠨ ᠰᠤᠷᠭᠠᠯ ᠵᠠᠬᠢᠶ᠎ᠠ᠂ ᠢᠷᠤᠭᠡᠯ ᠪᠡᠯᠭᠡ ᠶᠢ ᠰᠣᠨᠤᠰᠳᠠᠭ᠃      ᠡᠪᠦᠭᠡ ᠳᠡᠭᠡᠳᠤᠰ᠂ ᠡᠴᠢᠭᠡ ᠡᠬᠡ ᠶᠢᠨ ᠢᠶᠠᠨ ᠨᠡᠷ᠎ᠡ ᠶᠢ ᠬᠡᠯᠡᠵᠦ ᠳᠠᠭᠤᠳᠠᠬᠤ ᠦᠭᠡᠢ᠃ ᠡᠴᠢᠭᠡ ᠡᠬᠡ ᠲᠠᠢ ᠢᠵᠢᠯ ᠨᠡᠷᠡᠲᠡᠨ ᠢ ︽ᠠᠪᠤ ᠶᠢᠨ ᠨᠡᠷᠡᠲᠤ︾᠂ ︽ᠡᠵᠢ ᠶᠢᠨ ᠨᠡᠷᠡᠲᠤ︾ ᠭᠡᠬᠦ ᠮᠡᠲᠤ ᠪᠠᠷ ᠳᠠᠭᠤᠳᠠᠳᠠᠭ᠃ ᠬᠡᠥᠭᠡᠳ  ᠲᠡᠭᠡᠨ ᠨᠡᠷ᠎ᠡ ᠦᠭᠬᠦ ᠳᠤ ᠡᠪᠦᠭᠡ ᠳᠡᠭᠡᠳᠤᠰ᠂ ᠠᠬᠠᠮᠠᠳ ᠨᠠᠰᠤᠲᠠᠨ ᠲᠠᠢ ᠪᠠᠨ ᠠᠳᠠᠯᠢ ᠨᠡᠷ᠎ᠡ ᠦᠭᠬᠦ ᠶᠢ ᠴᠢᠩᠭ᠎ᠠ ᠴᠡᠭᠡᠷᠯᠡᠳᠡᠭ᠃ ᠡᠴᠢᠭᠡ ᠡᠬᠡ᠂ ᠠᠬᠠᠮᠠᠳ ᠨᠠᠰᠤᠲᠠᠨ᠂ ᠠᠬᠠᠰ ᠵᠠᠬᠠᠰ   ᠲᠤ ᠬᠠᠨᠳᠤᠨ ᠬᠡᠯᠡᠬᠦ ᠳᠡᠭᠡᠨ ︽ᠴᠢ︾ ᠭᠡᠬᠦ ᠦᠭᠡᠢ᠂ ︽ᠲᠠ︾ ᠬᠡᠵᠤ ᠬᠦᠨᠳᠤᠳᠭᠡᠨ ᠶᠠᠷᠢᠳᠠᠭ᠃ ᠡᠴᠢᠭᠡ ᠡᠬᠡ ᠳᠡᠭᠡᠨ ᠶᠣᠰᠤᠷᠬᠠᠭ ᠬᠢᠴᠢᠶᠡᠩᠭᠦᠢ ᠳᠠᠷᠤᠤ ᠨᠣᠮᠤᠬᠠᠨ ᠬᠠᠨᠳᠤᠵᠤ᠂ ᠦᠭᠡ ᠶᠠᠷᠢᠶ᠎ᠠ᠂ ᠤᠶᠢᠯᠡ ᠬᠦᠳᠡᠯᠭᠡᠭᠡᠨ ᠤ ᠠᠯᠢ ᠴᠤ ᠲᠠᠯ᠎ᠠ ᠪᠠᠷ ᠢᠶᠠᠨ ᠪᠣᠯᠪᠠᠰᠤᠨ ᠪᠠᠶᠢᠬᠤ ᠶᠢ ᠪᠠᠷᠢᠮᠳᠠᠯᠠᠳᠠᠭ᠃ ᠠᠶᠢᠯ ᠭᠡᠷ ᠪᠣᠯᠵᠤ᠂ ᠦᠷ᠎ᠡ ᠬᠡᠥᠭᠡᠳ ᠲᠠᠢ ᠪᠣᠯᠤᠭᠰᠠᠨ ᠴᠤ ᠡᠴᠢᠭᠡ ᠶᠢᠨ ᠵᠦᠪᠰᠢᠶᠡᠷᠡᠯ ᠦᠭᠡᠢ ᠪᠣᠯ ᠰᠠᠬᠠᠯ ᠲᠠᠯᠪᠢᠵᠤ ᠪᠣᠯᠳᠠᠭ ᠦᠭᠡᠢ᠃      ᠮᠣᠩᠭᠤᠯᠴᠤᠳ ᠤᠨ ᠠᠰᠠᠷᠠᠵᠤ ᠡᠨᠡᠷᠢᠬᠦ ᠶᠣᠰᠤᠨ ᠡᠴᠢᠭᠡ ᠡᠬᠡ ᠳᠤ ᠬᠠᠨᠳᠤᠬᠤ ᠲᠠᠯ᠎ᠠ ᠪᠠᠷ ᠢᠩᠭᠢᠵᠦ ᠢᠯᠡᠷᠡᠳᠡᠭ ᠤᠨ ᠬᠠᠮᠲᠤ ᠡᠴᠢᠭᠡ ᠡᠬᠡ ᠪᠣᠯᠤᠭᠰᠠᠳ ᠦᠷ᠎ᠡ ᠬᠡᠥᠭᠡᠳ ᠢᠶᠠᠨ ᠡᠨᠡᠷᠢᠵᠤ ᠬᠠᠶᠢᠷᠠᠯᠠᠬᠤ᠂ ᠰᠤᠷᠭᠠᠵᠤ ᠬᠦᠮᠤᠵᠢᠭᠦᠯᠬᠦ ᠲᠠᠯ᠎ᠠ ᠪᠠᠷ ᠴᠤ ᠮᠦᠨ ᠪᠣᠳᠠᠳᠤ ᠪᠡᠶᠡᠯᠡᠯ ᠢᠶᠠᠨ ᠣᠯᠳᠠᠭ᠃ ᠡᠴᠢᠭᠡ ᠡᠬᠡ ᠪᠣᠯᠤᠭᠰᠠᠳ ᠦᠷ᠎ᠡ ᠬᠡᠥᠭᠡᠳ ᠢᠶᠠᠨ ᠪᠠᠯᠴᠢᠷ ᠪᠠᠭ᠎ᠠ ᠠᠴᠠ ᠨᠢ ᠡᠬᠢᠯᠡᠨ ᠤᠬᠠᠭᠠᠨ ᠮᠡᠳᠡᠯᠭᠡ᠂ ᠠᠵᠢᠯ ᠬᠦᠳᠡᠯᠮᠤᠷᠢ ᠶᠢᠨ ᠬᠦᠮᠤᠵᠢᠯ ᠬᠦᠷᠲᠡᠭᠡᠵᠦ᠂ ᠠᠬᠠᠮᠠᠳ ᠨᠠᠰᠤᠲᠠᠨ ᠢ ᠬᠦᠨᠳᠤᠳᠭᠡᠬᠦ᠂ ᠠᠬᠠᠰ ᠵᠠᠬᠠᠰ ᠤᠨ ᠦᠭᠡ ᠶᠢ ᠰᠣᠨᠤᠰᠬᠤ᠂ ᠬᠦᠳᠡᠯᠮᠤᠷᠢ ᠳᠤ ᠳᠤᠷᠠᠲᠠᠢ᠂ ᠲᠠᠪᠤᠨ ᠬᠤᠰᠢᠭᠤ ᠮᠠᠯ ᠳᠤ ᠬᠠᠶᠢᠷᠠᠲᠠᠢ᠂ ᠮᠠᠯ ᠤᠨ ᠠᠰᠢᠭ ᠰᠢᠮ᠎ᠡ ᠶᠢ ᠳᠡᠭᠡᠳᠤᠯᠡᠬᠦ ᠪᠣᠯᠭᠠᠨ ᠬᠦᠮᠤᠵᠢᠭᠦᠯᠳᠡᠭ᠃ ᠪᠠᠭ᠎ᠠ ᠬᠡᠥᠭᠡᠳ ᠢ ᠠᠩᠬᠠᠯᠠᠨ ᠲᠤᠭ᠎ᠠ ᠲᠣᠭᠠᠯᠠᠬᠤ᠂ ᠮᠠᠯ ᠤᠨ ᠵᠢᠰᠦ ᠲᠠᠨᠢᠭᠤᠯᠬᠤ ᠪᠠ ᠵᠢᠯ᠂ ᠰᠠᠷ᠎ᠠ᠂ ᠡᠳᠦᠷ᠂ ᠵᠦᠭ ᠴᠢᠭ ᠢ ᠮᠡᠳᠡᠭᠦᠯᠬᠦ ᠳᠤ ᠬᠦᠲᠤᠯᠬᠦ ᠶᠢᠨ ᠤᠯᠠᠮ ᠢᠶᠠᠷ ᠬᠦᠦ᠂ ᠦᠬᠢᠨ ᠤ ᠢᠯᠭᠠᠪᠤᠷᠢ ᠪᠠᠷ ᠠᠵᠢᠯ ᠤᠶᠢᠯᠡ ᠳᠤ ᠳᠠᠰᠬᠠᠳᠠᠭ᠃ ᠲᠣᠬᠠᠶᠢᠯᠠᠪᠠᠯ ᠪᠦᠰᠡᠳᠡᠢ ᠬᠡᠥᠭᠡᠳ ᠡᠴᠢᠭᠡ ᠡᠬᠡ᠂ ᠠᠬ᠎ᠠ ᠨᠠᠷ ᠤᠨ ᠲᠠᠭᠠᠭᠤᠯᠭ᠎ᠠ ᠪᠠᠷ ᠮᠣᠷᠢ ᠤᠨᠤᠬᠤ᠂ ᠨᠣᠮᠤ ᠰᠣᠮᠣ ᠬᠠᠷᠪᠤᠬᠤ ᠶᠢ ᠰᠤᠷᠴᠤ᠂ ᠪᠦᠰᠡᠭᠦᠢ ᠬᠡᠥᠭᠡᠳ ᠡᠬᠡ᠂ ᠡᠭᠡᠴᠢ ᠶᠢᠨ ᠳᠡᠷᠭᠡᠲᠡ ᠤᠶᠢᠯᠡ ᠣᠶᠤᠬᠤ᠂ ᠬᠤᠭᠤᠯᠠ ᠴᠠᠢ ᠪᠠᠵᠠᠭᠠᠬᠤ᠂ ᠴᠠᠭᠠᠨ ᠢᠳᠡᠭᠡ ᠪᠣᠯᠪᠠᠰᠤᠷᠠᠭᠤᠯᠬᠤ᠂ ᠦᠨᠢᠶ᠎ᠡ ᠰᠠᠭᠠᠬᠤ ᠮᠡᠲᠤ ᠶᠢᠨ ᠠᠵᠢᠯ ᠳᠤ ᠳᠠᠳᠬᠠᠯᠰᠢᠳᠠᠭ᠃      ᠬᠡᠥᠭᠡᠳ ᠢ ᠪᠠᠭ᠎ᠠ ᠠᠴᠠ ᠨᠢ ᠡᠴᠢᠭᠡ ᠡᠬᠡ ᠶᠢᠨ ᠬᠡᠯᠡᠭᠰᠡᠨ ᠵᠠᠬᠢᠭᠰᠠᠨ ᠢ ᠪᠡᠶᠡᠯᠡᠭᠦᠯᠬᠦ ᠪᠠᠷ ᠱᠠᠭᠠᠷᠳᠠᠵᠤ᠂ ᠭᠡᠶᠢᠴᠢᠨ ᠵᠣᠴᠢᠨ ᠤ ᠳᠡᠷᠭᠡᠲᠡ ᠱᠣᠣᠬᠢᠬᠤ᠂  ᠭᠦᠶᠤᠯᠳᠤᠬᠦ᠂ ᠬᠦᠮᠦᠨ ᠤ ᠶᠠᠷᠢᠶᠠᠨ ᠳᠤ ᠣᠷᠤᠯᠴᠠᠬᠤ ᠵᠡᠷᠬᠡ ᠶᠢ ᠴᠡᠭᠡᠷᠯᠡᠭᠦᠯᠳᠡᠭ᠃ ᠡᠴᠢᠭᠡ ᠡᠬᠡ ᠨᠢ ᠬᠡᠥᠭᠡᠳ ᠢᠶᠠᠨ ᠴᠢᠩᠭ᠎ᠠ ᠶᠣᠰᠤ ᠵᠢᠷᠤᠮ ᠢᠶᠠᠷ ᠱᠠᠭᠠᠷᠳᠠᠨ ᠰᠤᠷᠭᠠᠬᠤ ᠳᠠᠭᠠᠨ ᠳᠣᠭᠰᠢᠨ ᠳᠣᠯᠬᠢᠨ ᠬᠠᠨᠳᠤᠬᠤ ᠪᠢᠰᠢ᠂ ᠬᠠᠷᠢᠨ ᠲᠤᠩ ᠡᠶᠡᠯᠳᠡᠭ ᠵᠦᠭᠡᠯᠡᠨ ᠣᠪᠤᠷ ᠢᠶᠠᠷ ︽ᠮᠢᠨᠤ ᠬᠦᠦ ᠢᠩᠭᠢᠵᠦ  ᠬᠢ︾ ︽ᠮᠢᠨᠤ ᠦᠬᠢᠨ ᠴᠢᠩᠭᠢᠵᠦ ᠰᠤᠷ︾ ᠭᠡᠬᠦ ᠮᠡᠲᠤ ᠪᠠᠷ ᠵᠢᠭᠠᠵᠤ ᠵᠠᠬᠢᠵᠤ ᠰᠤᠷᠭᠠᠳᠠᠭ᠃ ᠡᠶᠢᠮᠤ ᠠᠴᠠ ᠮᠣᠩᠭᠤᠯᠴᠤᠳ ᠭᠡᠶᠢᠴᠢᠨ ᠵᠣᠴᠢᠨ ᠤ ᠳᠡᠷᠭᠡᠲᠡ ᠬᠡᠥᠭᠡᠳ ᠢᠶᠠᠨ ᠵᠠᠯᠬᠠᠭᠠᠨ ᠵᠠᠩᠳᠤᠷᠬᠤ᠂ ᠵᠢᠮᠡᠯᠡᠨ ᠬᠡᠯᠡᠬᠦ᠂ ᠴᠣᠬᠢᠵᠤ ᠵᠠᠨᠴᠢᠬᠤ ᠶᠢ ᠴᠡᠭᠡᠷᠯᠡᠳᠡᠭ᠃ ᠵᠠᠪᠠᠯ ᠠᠩᠬᠠᠷᠬᠤ ᠴᠢᠬᠤᠯᠠᠲᠠᠢ ᠪᠣᠯ ᠵᠦᠭᠡᠯᠡᠨ ᠳᠠᠭᠤ ᠪᠠᠷ ᠰᠠᠨᠠᠭᠤᠯᠬᠤ ᠪᠣᠶᠤ ᠨᠢᠳᠤᠨ ᠬᠠᠷᠠᠴᠠ ᠪᠠᠷ ᠢᠶᠠᠨ ᠳᠣᠬᠢᠶ᠎ᠠ ᠦᠭᠳᠡᠭ᠃ ᠠᠬᠠᠮᠠᠳ ᠨᠠᠰᠤᠲᠠᠢ ᠬᠦᠮᠤᠨ᠂ ᠪᠠᠭᠠᠴᠤᠳ ᠵᠠᠯᠠᠭᠤᠴᠤᠳ ᠲᠠᠢ ᠠᠷᠢᠬᠢ ᠳᠠᠷᠠᠰᠤ ᠣᠣᠭᠤᠬᠤ᠂ ᠲᠠᠮᠠᠬᠢᠯᠠᠬᠤ᠂ ᠠᠯᠢᠶ᠎ᠠ ᠱᠠᠯᠢᠭ ᠦᠭᠡ ᠬᠡᠯᠡᠴᠡᠬᠦ ᠶᠢ ᠴᠡᠭᠡᠷᠯᠡᠨ᠎ᠡ᠂ ᠵᠦᠷᠢᠴᠡᠪᠡᠯ ᠬᠦᠨᠳᠦ ᠪᠠᠨ ᠠᠯᠳᠠᠵᠤ ᠨᠡᠷ᠎ᠡ ᠨᠢᠭᠤᠷ ᠦᠭᠡᠢ ᠪᠣᠯᠤᠨ᠎ᠠ ᠭᠡᠳᠡᠭ᠃ ᠢᠩᠭᠢᠵᠦ ᠴᠢᠩᠭ᠎ᠠ ᠶᠣᠰᠤ ᠪᠠᠷ ᠱᠠᠭᠠᠷᠳᠠᠵᠤ ᠳᠣᠬᠢᠲᠠᠢ ᠠᠷᠭ᠎ᠠ ᠪᠠᠷ ᠰᠤᠷᠭᠠᠳᠠᠭ ᠨᠢ ᠮᠣᠩᠭᠤᠯᠴᠤᠳ ᠤᠨ ᠭᠡᠷ ᠤᠨ ᠰᠤᠷᠭᠠᠯ ᠤᠨ ᠨᠢᠭᠡᠨ ᠬᠡᠪ ᠵᠣᠷᠰᠢᠯ ᠪᠣᠯᠤᠨ ᠤᠯᠠᠮᠵᠢᠯᠠᠭᠳᠠᠵᠤ ᠢᠷᠡᠭᠰᠡᠨ ᠶᠤᠮ᠃                    ᠢᠷᠡᠯᠲᠡ᠄ ᠦᠪᠤᠷ ᠮᠣᠩᠭᠤᠯ ᠤᠨ ᠠᠮᠢᠳᠤᠷᠠᠯ ᠭᠠᠷᠠᠭ ᠤᠨ ᠰᠣᠨᠢᠨ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号