ᠤᠳᠤᠬᠠᠨ ᠤ ᠭᠡᠷ ᠤᠨ ᠬᠦᠮᠦᠵᠢᠯ ᠳᠠᠬᠢ ᠬᠡᠳᠦᠨ ᠪᠤᠷᠤᠭᠤ ᠬᠡᠯᠪᠡᠷᠢᠯ
ᠨᠡᠶᠢᠲᠡᠯᠡᠭᠰᠡᠨ ᠴᠠᠭ᠄
2017/8/25
     ᠨᠢᠭᠡ᠂ ᠬᠤᠪᠢ ᠶᠢᠨ ᠠᠰᠢᠭ ᠲᠤᠰᠠ ᠪᠠᠨ ᠪᠤᠳᠤᠬᠤ ᠨᠢ ᠨᠡᠶᠢᠳᠡ ᠶᠢ ᠪᠤᠳᠤᠬᠤ ᠠᠴᠠ ᠢᠯᠡᠭᠦᠥ ᠪᠤᠯᠵᠤ ᠭᠡᠥᠭᠡᠳ ᠤᠨ ᠢᠷᠡᠭᠡᠳᠦᠢ ᠶᠢᠨ ᠰᠠᠶᠢᠨ ᠰᠠᠶᠢᠬᠠᠨ ᠨᠡᠶᠢᠳᠡᠴᠢ ᠦᠵᠡᠯ ᠢ ᠪᠤᠢ ᠪᠤᠯᠭᠠᠬᠤ ᠶᠢ ᠬᠠᠷᠰᠢᠯᠠᠵᠤ ᠪᠠᠶᠢᠨ᠎ᠠ᠃     ᠬᠤᠶᠠᠷ᠂ ᠤᠶᠤᠨ ᠤ ᠬᠦᠳᠡᠯᠮᠦᠷᠢ ᠳᠤ ᠤᠷᠤᠯᠴᠠᠬᠤ ᠨᠢ ᠪᠡᠶ᠎ᠡ ᠶᠢᠨ ᠬᠦᠳᠡᠯᠮᠦᠷᠢ ᠳᠤ ᠤᠷᠤᠯᠴᠠᠬᠤ ᠠᠴᠠ ᠢᠯᠡᠭᠦᠥ ᠪᠤᠯᠵᠤ᠂ ᠬᠡᠥᠭᠡᠳ ᠤᠨ ᠢᠷᠡᠭᠡᠳᠦᠢ ᠳᠤ ᠤᠨᠤᠯ ᠬᠢᠭᠡᠳ ᠪᠤᠳᠠᠳᠤ ᠪᠠᠶᠢᠳᠠᠯ ᠲᠠᠢ ᠤᠶᠠᠯᠳᠤᠬᠤ ᠵᠢᠩᠭᠢᠨᠢ ᠴᠢᠳᠠᠪᠤᠷᠢ ᠶᠢ ᠬᠦᠮᠦᠵᠢᠭᠦᠯᠬᠦ ᠶᠢ ᠬᠠᠷᠰᠢᠯᠠᠵᠤ ᠪᠤᠢ᠃    ᠭᠤᠷᠪᠠ᠂ ᠤᠶᠤᠨ ᠤ ᠴᠢᠳᠠᠪᠤᠷᠢ ᠶᠢ ᠯᠡ ᠡᠷᠬᠢᠮᠯᠡᠭᠡᠳ ᠤᠶᠤᠨ ᠤ ᠪᠤᠰᠤ ᠴᠢᠳᠠᠪᠤᠷᠢ ᠶᠢ ᠨᠢ ᠤᠮᠳᠤᠭᠠᠶᠢᠯᠠᠨ ᠭᠡᠥᠭᠡᠳ ᠤᠨ ᠬᠠᠶᠢᠷ᠎ᠠ ᠰᠡᠳᠭᠢᠯᠭᠡ᠂ ᠡᠷᠴᠢ ᠵᠤᠷᠢᠭ᠂ ᠲᠤᠷ᠎ᠠ ᠰᠤᠨᠢᠷᠬᠠᠯ᠂ ᠬᠦᠰᠡᠯᠡᠩ ᠵᠡᠷᠭᠡ ᠵᠢᠩᠭᠢᠨᠢ ᠴᠢᠳᠠᠪᠤᠷᠢ ᠶᠢ ᠬᠦᠮᠦᠵᠢᠭᠦᠯᠬᠦ ᠶᠢ ᠨᠢ ᠠᠩᠬᠠᠷᠬᠤ ᠦᠭᠡᠢ ᠪᠤᠢ᠃    ᠲᠦᠷᠪᠡ᠂ ᠬᠡᠤᠬᠡᠳ ᠲᠡᠭᠡᠨ ᠬᠦᠰᠡᠯ ᠱᠠᠭᠠᠷᠳᠠᠯᠭ᠎ᠠ ᠲᠠᠯᠪᠢᠭᠠᠳ ᠭᠡᠥᠭᠡᠳ ᠤᠨ ᠢᠶᠠᠨ ᠤᠨᠴᠠᠯᠢᠭ ᠢᠶᠠᠷ ᠨᠢ ᠰᠤᠷᠭᠠᠬᠤ ᠶᠢ ᠠᠩᠬᠠᠷᠬᠤ ᠦᠭᠡᠢ ᠪᠠᠶᠢᠳᠠᠭ᠃ ᠢᠡᠭᠭᠢᠬᠦ ᠨᠢ ᠭᠡᠥᠭᠡᠳ ᠤᠨ ᠢᠷᠡᠭᠡᠳᠦᠢ ᠳᠤ ᠴᠢᠭᠯᠡᠯᠳᠦ ᠴᠢᠨᠠᠷ ᠢᠶᠠᠷ ᠲᠤᠳᠠᠮᠠᠭ ᠪᠤᠯᠵᠤ᠂ ᠭᠡᠥᠭᠡᠳ ᠤᠨ ᠦᠪᠡᠷ ᠤᠨ ᠪᠠᠶ᠎ᠠ ᠰᠡᠳᠭᠢᠴᠡ ᠶᠢᠨ ᠬᠦᠭᠵᠢᠯᠳᠡ ᠳᠡᠭᠡᠨ ᠲᠤᠬᠢᠷᠠᠭᠰᠠᠨ ᠴᠢᠳᠠᠪᠤᠷᠢᠳᠠᠨ ᠪᠤᠯᠬᠤ ᠳᠤ ᠬᠠᠷᠰᠢ ᠪᠤᠯᠳᠠᠭ᠃     ᠲᠠᠪᠤ᠂ ᠡᠳ᠋ ᠪᠤᠳᠠᠰ ᠤᠨ ᠱᠠᠭᠠᠷᠳᠠᠯᠭ᠎ᠠ ᠶᠢ ᠯᠡ ᠬᠠᠨᠭ᠍ᠭᠠᠵᠤ᠂ ᠨᠤᠮ ᠪᠢᠴᠢᠭ ᠪᠠ ᠤᠶᠤᠨ ᠤ ᠲᠠᠯ᠎ᠠ ᠶᠢᠨ ᠰᠢᠮ᠎ᠡ ᠲᠡᠵᠢᠭᠡᠯ ᠬᠦᠷᠳᠡᠭᠡᠭᠦ ᠲᠠᠯ᠎ᠠ ᠪᠠᠷ ᠬᠤᠮᠰᠠᠳᠴᠤ᠂ ᠭᠡᠥᠭᠡᠳ ᠤᠨ ᠢᠶᠠᠨ ᠠᠵᠢᠯᠴᠢ ᠪᠤᠷᠤᠭᠵᠢᠭᠤᠨ ᠰᠤᠷᠳᠠᠯ ᠢ ᠬᠦᠮᠦᠵᠢᠭᠦᠯᠬᠦ ᠶᠢ ᠠᠩᠬᠠᠷᠬᠤ ᠦᠭᠡᠢ ᠪᠠᠶᠢᠨ᠎ᠠ᠃     ᠵᠢᠷᠭᠤᠭ᠎ᠠ᠂ ᠮᠡᠳᠡᠯᠭᠡ ᠤᠯᠠᠮᠵᠢᠯᠠᠬᠤ ᠶᠢ ᠦᠷᠦᠭᠡᠰᠦᠭᠡᠯ ᠢᠶᠠᠷ ᠬᠦᠭᠡᠭᠡᠴᠡᠯᠳᠦᠵᠤ᠂ ᠪᠠᠶᠠᠰᠤᠩᠭᠤᠢ ᠤᠷᠴᠢᠨ ᠳᠤ ᠤᠶᠤᠨ ᠢ ᠨᠢ ᠨᠡᠭᠡᠭᠡᠭᠳᠡᠭᠦᠯᠭᠦ ᠨᠢ ᠴᠦᠭᠡᠷᠡᠵᠤ᠂ ᠪᠤᠳᠠᠳᠤ ᠱᠠᠭᠠᠷᠳᠠᠯᠭ᠎ᠠ ᠬᠢᠭᠡᠳ ᠭᠡᠥᠭᠡᠳ ᠤᠨ ᠬᠦᠯᠢᠶᠡᠨ ᠠᠪᠬᠤ ᠬᠡᠮᠵᠢᠶ᠎ᠡ ᠨᠢ ᠲᠤᠬᠢᠷᠠᠯᠴᠠᠬᠤ ᠦᠭᠡᠢ᠂ ᠠᠯᠪᠠ ᠪᠠᠷ ᠮᠡᠳᠡᠯᠭᠡ ᠤᠯᠭᠤᠬᠤ ᠶᠢ ᠴᠢᠬᠤᠯᠠᠴᠢᠯᠠᠵᠤ᠂ ᠭᠡᠥᠭᠡᠳ ᠤᠨ ᠨᠡᠩ ᠤᠯᠠᠨ ᠲᠠᠯᠳᠠ ᠬᠦᠴᠦᠨ ᠢ ᠠᠭᠤᠳᠠᠯᠯᠠᠨ ᠭᠠᠷᠭᠠᠵᠤ ᠲᠡᠶᠢᠯᠬᠦ ᠦᠭᠡᠢ ᠪᠠᠶᠢᠨ᠎ᠠ᠃     ᠲᠤᠯᠤᠭ᠎ᠠ᠂ ᠭᠡᠳᠦᠷᠭᠡᠢ ᠬᠠᠶᠢᠷᠠᠯᠠᠵᠤ᠂ ᠪᠡᠶ᠎ᠡ ᠳᠤᠨᠢ ᠲᠤᠬᠢᠷᠠᠭᠰᠠᠨ ᠱᠠᠭᠠᠷᠳᠠᠯᠭ᠎ᠠ ᠲᠠᠯᠪᠢᠬᠤ ᠨᠢ ᠲᠤᠳᠠᠭᠤ ᠪᠠᠶᠢᠨ᠎ᠠ᠃ ᠭᠡᠥᠭᠡᠳ ᠤᠨ ᠢᠶᠠᠨ ᠰᠠᠨᠠᠭ᠎ᠠ ᠪᠠᠷ ᠨᠢ ᠲᠠᠯᠪᠢᠵᠤ᠂ ᠨᠡᠶᠢᠭᠡᠮ ᠨᠡᠶᠢᠳᠡ ᠪᠠ ᠠᠷᠠᠳ ᠲᠦᠮᠡᠨ ᠳᠤ ᠲᠤᠰᠠᠳᠠᠢ ᠬᠦᠮᠦᠨ ᠪᠤᠯᠬᠤ ᠬᠦᠮᠦᠵᠢᠯ ᠢ ᠬᠠᠷᠠᠬᠠᠨ ᠪᠠᠭ᠎ᠠ ᠠᠴᠠ ᠨᠢ ᠬᠦᠮᠦᠵᠢᠭᠦᠯᠬᠦ ᠶᠢ ᠤᠮᠳᠤᠭᠠᠶᠢᠯᠠᠵᠤ ᠪᠠᠶᠢᠨ᠎ᠠ᠃     ᠨᠠᠢᠮᠠ᠂ ᠪᠡᠶ᠎ᠡ ᠮᠠᠬᠠᠪᠤᠳ ᠢ ᠨᠢ ᠬᠠᠯᠠᠮᠵᠢᠯᠠᠬᠤ ᠨᠢ ᠭᠡᠳᠦᠷᠴᠦ᠂ ᠤᠯᠠᠮᠵᠢᠯᠠᠯᠳᠤ ᠬᠦᠮᠦᠵᠢᠯ ᠬᠢᠬᠦ ᠨᠢ ᠲᠤᠳᠠᠮᠠᠭ ᠪᠠᠶᠢᠨ᠎ᠠ᠃ ᠭᠡᠥᠭᠡᠳ ᠤᠨ ᠢᠶᠠᠨ ᠰᠠᠶᠢᠨ ᠰᠠᠶᠢᠬᠠᠨ ᠡᠷᠡᠭᠦᠯ ᠰᠠᠷᠠᠭᠤᠯ ᠰᠡᠳᠬᠢᠴᠡ ᠶᠢᠨ ᠪᠤᠳᠠᠳᠤ ᠪᠠᠶᠢᠳᠠᠯ ᠢ ᠨᠢ ᠠᠩᠬᠠᠷᠬᠤ ᠦᠭᠡᠢ ᠪᠠᠶᠢᠳᠠᠭ᠂ ᠡᠶᠢᠮᠦ ᠠᠴᠠ ᠵᠠᠷᠢᠮ ᠭᠡᠥᠭᠡᠳ ᠨᠢ ᠰᠡᠳᠬᠢᠴᠡ ᠶᠢᠨ ᠠᠵᠢᠯᠯᠠᠭᠠᠨ ᠤ ᠲᠠᠯ᠎ᠠ ᠪᠠᠷ ᠡᠶᠢᠮᠦ ᠲᠡᠶᠢᠮᠦ ᠠᠰᠠᠭᠤᠳᠠᠯ ᠭᠠᠷᠭᠠᠳᠠᠭ᠃     ᠶᠢᠰᠦ᠂ ᠪᠡᠶᠡᠴᠢ ᠲᠠᠯ᠎ᠠ ᠠᠴᠠ ᠰᠤᠷᠭᠠᠬᠤ ᠨᠢ ᠤᠯᠠᠰᠢᠷᠠᠵᠤ᠂ ᠬᠠᠷᠢᠨ ᠰᠡᠩᠭᠡᠷᠡᠭᠦᠯᠦᠨ ᠲᠠᠭᠠᠭᠤᠯᠵᠤ ᠰᠤᠷᠭᠠᠬᠤ ᠨᠢ ᠬᠤᠮᠰᠠᠳᠴᠤ ᠪᠠᠶᠢᠨ᠎ᠠ᠃ ︽ᠪᠤᠯᠬᠢ ᠠᠷᠭ᠎ᠠ ᠪᠠᠷ ᠪᠤᠭᠤᠳᠠᠢ ᠦᠰᠭᠡᠭᠦ︾ ᠰᠤᠷᠭᠠᠬᠤ ᠠᠷᠭ᠎ᠠ ᠮᠠᠶ᠋ᠢᠭ ᠨᠢ ᠲᠤᠬᠢᠷᠠᠮᠵᠢ ᠦᠭᠡᠢ ᠪᠠᠶᠢᠳᠠᠭ ᠠᠴᠠ ᠭᠡᠥᠭᠡᠳ ᠢᠶᠠᠨ ᠲᠤᠷᠤᠢ ᠨᠤᠮᠤᠢ᠂ ᠭᠤᠳᠤᠷᠠᠩᠭᠤᠢ᠂ ᠰᠦᠷᠭᠡᠥ᠂ ᠮᠤᠵᠢᠭᠤᠳᠠ ᠰᠡᠳᠬᠢᠴᠡ ᠲᠠᠢ ᠪᠤᠯᠭᠠᠵᠤ ᠪᠤᠢ᠃     ᠠᠷᠪᠠ᠂ ᠭᠡᠷ ᠪᠦᠯᠢ ᠲᠤᠳᠤᠷ᠎ᠠ ᠪᠠᠨ ᠬᠡᠷᠡᠭᠦᠯ ᠵᠢᠭᠤᠷᠠᠭᠠᠨ ᠡᠭᠦᠰᠭᠡᠵᠤ ᠪᠠᠶᠢᠳᠠᠭ ᠠᠴᠠ ᠭᠡᠥᠭᠡᠳ ᠨᠢ ᠴᠦ ᠡᠭᠡ ᠡᠴᠢᠭᠡ ᠲᠠᠢ ᠪᠠᠨ ᠰᠠᠨᠠᠯ ᠨᠡᠶᠢᠯᠡᠭᠦ ᠦᠭᠡᠢ ᠪᠠᠶᠢᠳᠠᠭ᠂ ᠡᠶᠢᠮᠦ ᠠᠴᠠ ᠭᠡᠷ ᠪᠦᠯᠢ ᠲᠤᠳᠤᠷ᠎ᠠ ᠪᠠᠨ ᠬᠡᠨ ᠨᠢ ᠬᠡᠯᠡᠪᠡᠯ ᠬᠡᠨ ᠤ ᠬᠢᠨᠢ ᠵᠦᠪ ᠪᠤᠯᠵᠤ᠂ ᠭᠡᠷ ᠤᠨ ᠠᠬᠠᠮᠠᠳ ᠤᠨ ᠭᠡᠷ ᠤᠨ ᠰᠤᠷᠭᠠᠯ ᠤᠨ ᠵᠢᠩᠭᠢᠨᠢ ᠤᠶᠢᠯᠡᠳᠦᠯ ᠢ ᠪᠠᠳᠠᠷᠠᠭᠤᠯᠵᠤ ᠴᠢᠳᠠᠬᠤ ᠦᠭᠡᠢ ᠪᠤᠢ᠃     ᠠᠷᠪᠠᠨ ᠨᠢᠭᠡ᠂ ᠭᠡᠥᠭᠡᠳ ᠤᠨ ᠢᠶᠠᠨ ᠢᠳᠡᠵᠤ ᠤᠥᠭᠤᠬᠤ ᠲᠠᠯ᠎ᠠ ᠶᠢ ᠨᠢ ᠨᠠᠷᠢᠨ ᠨᠢᠭᠳᠠ ᠠᠩᠬᠠᠷᠬᠤ ᠦᠭᠡᠢ᠂ ᠬᠠᠷᠠᠬᠠᠨ ᠪᠠᠭ᠎ᠠ ᠠᠴᠠ ᠪᠠᠨ ᠮᠠᠷᠢᠶᠠᠯᠠᠬᠤ ᠭᠡᠮ ᠲᠠᠢ ᠪᠤᠯᠭᠠᠳᠠᠭ᠃ ᠡᠶᠢᠮᠦ ᠠᠴᠠ ᠭᠡᠳᠦᠷᠭᠡᠢ ᠮᠠᠷᠢᠶᠠᠯᠠᠭᠰᠠᠨ ᠠᠴᠠ ᠪᠤᠯᠵᠤ ᠢᠷᠡᠭᠡᠳᠦᠢ ᠳᠤ ᠭᠡᠥᠭᠡᠳ ᠢᠶᠠᠨ ᠤᠶᠤᠨ ᠤ ᠲᠠᠯ᠎ᠠ ᠶᠢᠨ ᠬᠤᠮᠰᠠᠳᠠᠯ ᠲᠠᠢ ᠪᠤᠯᠭᠠᠵᠤ ᠪᠤᠢ᠃     ᠠᠷᠪᠠᠨ ᠬᠤᠶᠠᠷ᠂ ᠭᠡᠥᠭᠡᠳ ᠢᠶᠠᠨ ᠨᠡᠶᠢᠭᠡᠮ ᠤᠨ ᠰᠠᠶᠢᠨ ᠰᠠᠶᠢᠬᠠᠨ ᠨᠦᠯᠦᠭᠡ ᠲᠤᠰᠬᠠᠯ ᠢ ᠠᠰᠢᠭᠯᠠᠨ ᠲᠠᠭᠤᠷᠢᠶᠠᠯ ᠤᠨ ᠬᠦᠴᠦᠨ ᠢ ᠤᠯᠭᠤᠬᠤ ᠶᠢ ᠠᠩᠬᠠᠷᠬᠤ ᠦᠭᠡᠢ ᠪᠠᠶᠢᠳᠠᠭ᠃ ᠡᠶᠢᠮᠦ ᠠᠴᠠ ᠭᠡᠥᠭᠡᠳ ᠨᠢ ᠵᠠᠩ ᠮᠤᠷᠠᠯ᠂ ᠬᠡᠯᠡ ᠶᠠᠷᠢᠶ᠎ᠠ᠂ ᠰᠠᠨᠠᠭ᠎ᠠ ᠰᠡᠳᠭᠢᠯ ᠤᠨ ᠲᠠᠯ᠎ᠠ ᠪᠠᠷ ᠭᠠᠭᠴᠠᠭᠠᠷᠳᠠᠮᠠᠯ᠂ ᠪᠢᠳᠡᠭᠦᠷᠡᠯ ᠤᠨ ᠭᠡᠮ ᠲᠠᠢ ᠪᠤᠯᠳᠠᠭ᠃     ᠠᠷᠪᠠᠨ ᠭᠤᠷᠪᠠ᠂ ᠠᠵᠢᠯ ᠬᠦᠳᠡᠯᠮᠦᠷᠢ ᠶᠢᠨ ᠬᠦᠮᠦᠨ ᠤ ᠪᠡᠶ᠎ᠡ ᠳᠤ ᠦᠵᠡᠭᠦᠯᠭᠦ ᠰᠠᠶᠢᠨ ᠰᠠᠶᠢᠬᠠᠨ ᠠᠰᠢᠭ ᠲᠤᠰᠠ ᠶᠢ ᠰᠠᠶᠢᠳᠤᠷ ᠤᠶᠢᠯᠠᠭᠠᠭᠤᠯᠬᠤ ᠦᠭᠡᠢ ᠪᠠᠶᠢᠳᠠᠭ ᠠᠴᠠ ᠭᠡᠥᠭᠡᠳ ᠨᠢ ᠡᠳᠦᠷ ᠤᠨ ᠤᠳᠠᠭᠠᠨ ᠳᠠᠭᠠᠨ ᠠᠯᠵᠠᠭᠤ ᠬᠤᠶᠢᠷᠭᠤ ᠪᠤᠯᠳᠠᠭ᠃ ᠤᠳᠤᠬᠠᠨ ᠳᠤ ᠵᠠᠷᠢᠮ ᠡᠷᠳᠡᠮᠳᠡᠨ ᠤ ᠰᠤᠳᠤᠯᠤᠭᠰᠠᠨ ᠢᠶᠠᠷ ᠪᠦᠷᠢᠨ ᠪᠤᠰᠤ ᠪᠦᠷᠢᠳᠭᠡᠯ ᠢ ᠦᠨᠳᠦᠰᠦᠯᠡᠪᠡᠯ ᠠᠯᠵᠠᠭᠤ ᠬᠤᠶᠢᠷᠭᠤ ᠪᠠ ᠠᠵᠢᠯᠴᠢ ᠬᠦᠳᠡᠯᠮᠦᠷᠢᠴᠢ ᠬᠦᠮᠦᠨ ᠤ ᠠᠵᠢᠯ ᠤᠯᠭᠤᠬᠤ ᠨᠤᠷᠮ᠎ᠠ ᠨᠢ ᠲᠤᠰ ᠲᠤᠰ ᠵᠠᠭᠤᠨ ᠤ ᠭᠤᠴᠢᠨ ᠲᠠᠪᠤ ᠪᠠ ᠵᠠᠭᠤᠨ ᠤ ᠨᠠᠶᠠᠨ ᠲᠠᠪᠤ ᠪᠠᠶᠢᠳᠠᠭ᠃     ᠠᠷᠪᠠᠨ ᠲᠦᠷᠪᠠ᠂ ᠠᠯᠢᠪᠠ ᠰᠡᠳᠬᠢᠯ ᠤᠨ ᠲᠡᠭᠡᠭᠡᠷ᠎ᠡ ᠶᠢ ᠨᠢ ᠲᠠᠶᠠᠭᠳᠠᠭᠤᠯᠵᠤ ᠪᠠᠶᠢᠭᠠᠳ ᠭᠡᠥᠭᠡᠳ ᠲᠡᠭᠡᠨ ᠡᠷᠡᠭᠦᠯ ᠰᠠᠷᠠᠭᠤᠯ ᠰᠠᠶᠢᠨ ᠰᠠᠶᠢᠬᠠᠨ ᠰᠡᠳᠭᠢᠯᠭᠡ ᠶᠢ ᠨᠢ ᠪᠤᠢ ᠪᠤᠯᠭᠠᠬᠤ ᠦᠭᠡᠢ ᠪᠠᠶᠢᠨ᠎ᠠ᠃ ᠭᠡᠥᠭᠡᠳ ᠤᠨ ᠡᠮᠦᠨ᠎ᠡ ᠨᠡᠶᠢᠭᠡᠮ ᠤᠨ ᠠᠰᠢᠭ ᠬᠤᠨᠵᠢᠶ᠎ᠠ᠂ ᠡᠷᠭᠡ ᠲᠤᠰᠢᠶᠠᠯ᠂ ᠨᠡᠶᠢᠭᠡᠮ ᠤᠨ ᠪᠤᠯᠬᠢ ᠪᠦᠳᠦᠭᠦᠯᠢᠭ ᠮᠠᠭᠤ ᠵᠦᠢᠯ ᠢ ᠲᠤᠳᠠᠭᠤ ᠶᠠᠷᠢᠵᠤ᠂ ᠬᠠᠷᠢᠨ ᠠᠵᠢᠯᠴᠢ ᠪᠤᠷᠤᠭᠵᠢᠭᠤᠨ ᠵᠢᠷᠭᠠᠯ ᠲᠠᠢ᠂ ᠡᠷᠬᠢᠮ ᠰᠤᠷᠳᠠᠯᠳᠤ ᠴᠢᠷᠮᠠᠶᠢᠯᠳᠠ ᠲᠠᠢ ᠪᠠᠶᠢᠬᠤ ᠰᠠᠶᠢᠨ ᠰᠠᠶᠢᠬᠠᠨ ᠦᠯᠢᠭᠡᠷ ᠳᠠᠭᠤᠷᠢᠶᠠᠯ ᠢ ᠶᠠᠷᠢᠵᠤ ᠪᠠᠶᠢᠬᠤ ᠬᠡᠷᠡᠭᠳᠡᠢ᠃     ᠠᠷᠪᠠᠨ ᠲᠠᠪᠤ᠂ ᠪᠡᠶ᠎ᠡ ᠪᠠᠷ ᠢᠶᠠᠨ ᠬᠡᠪ ᠲᠦᠷᠢᠮ ᠪᠤᠯᠬᠤ ᠶᠢ ᠬᠢᠴᠢᠶᠡᠵᠥ᠂ ᠭᠡᠥᠭᠡᠳ ᠤᠨ ᠢᠶᠠᠨ ᠠᠵᠢᠯᠴᠢ ᠰᠤᠷᠳᠠᠯ ᠲᠠᠢ ᠬᠠᠷᠢᠭᠤᠴᠠᠯᠭᠠᠳᠤ ᠤᠪᠤᠷ ᠢ ᠬᠦᠮᠦᠵᠢᠭᠦᠯᠬᠦ ᠶᠢ ᠠᠩᠬᠠᠷᠤᠯ ᠳᠠᠭᠠᠨ ᠠᠪᠬᠤ ᠦᠭᠡᠢ ᠪᠠᠶᠢᠨ᠎ᠠ᠃ ᠶᠡᠷᠦ ᠶᠢᠨ ᠶᠠᠷᠢᠶ᠎ᠠ ᠵᠤᠭᠤᠭ᠂ ᠭᠡᠥᠭᠡᠳ ᠲᠡᠭᠡᠨ ᠬᠠᠨᠳᠤᠬᠤ ᠤᠪᠤᠷ ᠰᠤᠷᠳᠠᠯ᠂ ᠰᠤᠷᠭᠠᠬᠤ ᠦᠭᠡ ᠬᠡᠯᠡᠯᠭᠡ᠂ ᠶᠠᠭᠤ ᠶᠢ ᠮᠠᠭᠳᠠᠬᠤ᠂ ᠶᠠᠭᠤ ᠶᠢ ᠬᠠᠶᠢᠷᠠᠯᠠᠬᠤ᠂ ᠶᠠᠭᠤ ᠶᠢ ᠬᠤᠷᠤᠰᠬᠤ ᠵᠡᠷᠭᠡ ᠨᠢ ᠭᠡᠥᠭᠡᠳ ᠲᠤ ᠬᠠᠷᠢᠨ ᠶᠡᠭᠡ ᠨᠦᠯᠦᠭᠡ ᠲᠠᠢ ᠭᠡᠳᠡᠭ ᠢ ᠤᠨᠴᠠ ᠠᠩᠬᠠᠷᠬᠤ ᠴᠢᠬᠤᠯᠠ ᠲᠠᠢ ᠶᠤᠮ᠃                                                             ᠨᠠᠶᠢᠷᠠᠭᠤᠯᠤᠭᠴᠢ᠄ ᠬᠠᠷᠠᠬᠦᠤ  
 
ᠢᠷᠡᠯᠲᠡ᠄ ᠳᠤᠮᠳᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号